ᠡᠬᠡᠨᠡᠷ ᠬᠡᠦᠬᠡᠳ ᠢᠶᠠᠨ ᠵᠣᠳᠣᠪᠠᠯ ᠬᠦᠨᠳᠦ ᠰᠢᠢᠳᠬᠡᠭᠳᠡᠨ᠎ᠡ
ᠨᠡᠶᠢᠲᠡᠯᠡᠭᠰᠡᠨ ᠴᠠᠭ᠄
2021/3/23
            ᠠᠷᠠᠳ ᠤᠨ ᠡᠳᠦᠷ ᠤᠨ  ᠰᠣᠨᠢᠨ ᠤ  ᠮᠡᠳᠡᠭᠡᠯᠡᠭᠰᠡᠨ ᠢᠶᠠᠷ᠂  3  ᠳ᠋ᠤᠭᠠᠷ  ᠰᠠᠷ᠎ᠠ ᠶᠢᠨ  18 ᠤ  ᠡᠳᠦᠷ᠂  ᠠᠨᠾᠦ᠋ᠢ ᠮᠤᠵᠢ ᠶᠢᠨ ᠾᠧᠹᠧᠢ ᠬᠤᠲᠠ ᠶᠢᠨ ᠪᠣᠣ ᠾᠧ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠰᠠᠯᠪᠤᠷᠢ ᠲᠣᠪᠴᠢᠶᠠᠨ ᠤ ᠪᠢᠨ ᠬᠤ᠋‌‍ᠲ᠋ᠣᠮᠢᠯᠠᠭᠰᠠᠨ ᠰᠠᠯᠪᠤᠷᠢ ᠶᠢᠨ ᠬᠢᠨ ᠬᠠᠷᠢᠶ᠎ᠠ ᠲᠣᠭᠤᠷᠢᠭ ᠤᠨ ᠢᠶᠠᠨ ᠨᠢᠭᠡ ᠪᠦᠰᠡᠭᠦᠢ ᠶᠢᠨ  ᠤᠲᠠᠰᠤ ᠶᠢ  ᠲᠣᠰᠣᠭᠰᠠᠨ  ᠪᠠᠶᠢᠨ᠎ᠠ᠃ᠡᠨᠡ ᠪᠦᠰᠡᠭᠦᠢ ᠶᠢᠨ ᠬᠡᠯᠡᠬᠦ ᠪᠠᠷ᠂ ᠾᠧᠹᠧᠢ ᠬᠤᠲᠠ ᠶᠢᠨ ᠪᠣᠣ  ᠾᠧ  ᠲᠣᠭᠤᠷᠢᠭ ᠤᠨ  ᠨᠢᠭᠡ  ᠨᠡᠶᠢᠭᠡᠮ ᠤᠨ  ᠬᠤᠷᠢᠶᠠᠯᠠᠯ ‍ᠤᠨ‌‍ᠴᠠᠬᠢᠯᠭᠠᠨ ᠱᠠᠲᠤᠨ ᠳᠣᠲᠣᠷ᠎ᠠ ᠨᠥᠬᠦᠷ ᠲᠡᠭᠡᠨ ᠵᠣᠳᠣᠭᠳᠠᠵᠤ ᠰᠢᠷᠬᠠᠳᠤᠯ᠎ᠠ  ᠭᠡᠵᠡᠢ᠃  ᠴᠠᠭᠳᠠᠭᠠᠨ ᠤ  ᠲᠠᠯ᠎ᠠ ᠶᠢᠨ  ᠪᠠᠶᠢᠴᠠᠭᠠᠨ‌‍ᠲ᠋ᠣᠳᠣᠯᠠᠭᠰᠠᠨ ᠢᠶᠠᠷ᠂ ᠡᠨᠡ ᠪᠦᠰᠡᠭᠦᠢ ᠶᠢᠨ ᠨᠥᠬᠦᠷ ᠰᠦᠨ ᠣᠪᠣᠭᠲᠤ ᠪᠦᠰᠡᠭᠦᠢ ᠲᠠᠢ ᠪᠠᠨ  ᠭᠡᠷ  ᠪᠦᠯᠢ ᠶᠢᠨ  ᠵᠢᠵᠢᠭ  ᠰᠠᠵᠢᠭ‌ᠤᠴᠢᠷ ᠠᠴᠠ ᠪᠣᠯᠵᠤ ᠬᠡᠷᠡᠭᠦᠯ ᠬᠢᠵᠦ᠂  ᠡᠭᠦᠨ ᠠᠴᠠ  ᠪᠣᠯᠵᠤ  ᠴᠠᠬᠢᠯᠭᠠᠨ  ᠱᠠᠲᠤᠨ ᠳᠤ  ᠪᠦᠰᠡᠭᠦᠢ ᠪᠠᠨ  ᠵᠣᠳᠣᠵᠤ᠂  ᠪᠠᠰᠠ‌ᠦᠬᠢᠨ ᠤ ᠪᠠᠨ ᠠᠮᠠ ᠶᠢ ᠴᠢᠰᠤ ᠭᠠᠷᠲᠠᠯ᠎ᠠ ᠵᠣᠳᠣᠭᠰᠠᠨ ᠪᠠᠶᠢᠨ᠎ᠠ᠃ ᠤᠳᠤ ᠴᠠᠭᠳᠠᠭᠠᠨ ᠤ ᠬᠢᠨ ᠰᠦᠨ  ᠣᠪᠣᠭᠲᠤ ᠶᠢ  ᠬᠠᠤᠯᠢ‌‍ᠶᠣᠰᠣᠭᠠᠷ ᠪᠠᠷᠢᠪᠴᠢᠯᠠᠵᠤ᠂ ᠬᠡᠷᠡᠭ ᠢ ᠴᠢᠨᠠᠭᠰᠢᠳᠠ ᠮᠥᠷᠳᠡᠨ ᠪᠠᠶᠢᠴᠠᠭᠠᠵᠤ ᠪᠣᠢ᠃               2020 ᠣᠨ ᠳᠤ ︽ᠢᠷᠭᠡᠨ ᠤ ᠬᠠᠤᠯᠢ ᠶᠢᠨ ᠪᠦᠷᠢᠨ ᠪᠣᠳᠢ︾ ᠶᠢ  ᠨᠡᠶᠢᠲᠡᠯᠡᠭᠰᠡᠨ  ᠬᠤᠶᠢᠨ᠎ᠠ᠂  ᠭᠡᠷ  ᠪᠦᠯᠢ ᠵᠢᠨ‌‍ᠬᠦ᠋ᠴᠦᠷᠬᠡᠭᠯᠡᠯ ᠤᠨ ᠠᠵᠢᠯᠯᠠᠭ᠎ᠠ ᠦᠢᠯᠡᠳᠦᠭᠰᠡᠳ ᠲᠤ ᠨᠡᠩ  ᠴᠢᠩᠭ᠎ᠠ  ᠰᠢᠢᠳᠬᠡᠯ  ᠴᠡᠭᠡᠷᠯᠡᠯ  ᠣᠯᠭᠤᠬᠤ  ᠪᠣᠯᠣᠭᠰᠠᠨ  ᠶᠤᠮ᠃︽ᠢᠷᠭᠡᠨ ᠤ ᠬᠠᠤᠯᠢ ᠶᠢᠨ ᠪᠦᠷᠢᠨ ᠪᠣᠳᠢ︾ ᠳᠤ  ︽ᠭᠡᠷ  ᠪᠦᠯᠢ ᠶᠢᠨ  ᠬᠦᠴᠦᠷᠬᠡᠭᠯᠡᠯ ᠤᠨ  ᠠᠵᠢᠯᠯᠠᠭ᠎ᠠ ᠶᠢ  ᠡᠷᠡᠰ  ᠬᠤᠷᠢᠭᠯᠠᠨ‌ᠵᠣᠭᠰᠣᠭᠠᠬᠤ ᠵᠠᠷᠴᠢᠮ︾ ᠢ ᠦᠨᠳᠦᠰᠦᠨ ᠵᠠᠷᠴᠢᠮ ᠪᠣᠯᠭᠠᠵᠤ᠂ ᠬᠠᠤᠯᠢ  ᠴᠠᠭᠠᠵᠠ ᠶᠢᠨ  ᠦᠨᠳᠦᠰᠦᠯᠡᠯ  ᠪᠣᠯᠭᠠᠵᠠᠢ᠃  ᠨᠥᠭᠦᠭᠡ‌‍ᠲ᠋ᠠᠯ᠎ᠠ ᠪᠠᠷ᠂ ᠬᠦᠴᠦᠷᠬᠡᠭᠯᠡᠯ ᠤᠨ ᠬᠤᠣᠷ ᠬᠥᠨᠥᠭᠡᠯ ᠢ ᠠᠮᠰᠠᠭᠰᠠᠨ ᠨᠢᠭᠡ ᠲᠠᠯ᠎ᠠ ︵ᠡᠮᠡᠭᠲᠡᠶᠢᠴᠦᠳ ᠪᠤᠶᠤ  ᠬᠡᠦᠬᠡᠳ  ᠪᠠᠭᠠᠴᠤᠳ︶ᠴᠠᠭᠳᠠᠭᠠᠨ ᠤ ᠲᠠᠯ᠎ᠠ ᠳᠤ ᠮᠡᠳᠡᠭᠦᠯᠵᠦ ᠪᠣᠯᠬᠤ ᠪᠥᠭᠡᠳ  ᠴᠠᠭᠳᠠᠭᠠᠨ ᠤ   ᠬᠢᠨ  ᠬᠦᠴᠦᠷᠬᠡᠭᠯᠡᠯ  ᠦᠢᠯᠡᠳᠦᠭᠰᠡᠨ  ᠲᠠᠯ᠎ᠠ ᠶᠢ  ᠨᠢ‌‍ᠪᠠᠷᠢᠪᠴᠢᠯᠠᠵᠤ ᠬᠤᠷᠢᠬᠤ ᠪᠣᠯᠣᠨ᠎ᠠ᠃ ᠲᠡᠭᠡᠬᠦ ᠮᠥᠷᠲᠡᠭᠡᠨ ᠬᠡᠷᠪᠡ ᠬᠡᠷᠡᠭ ᠤᠴᠢᠷ ᠨᠢ ᠰᠢᠭᠦᠬᠦ ᠬᠤᠷᠢᠶᠠᠨ ᠳᠤ ᠬᠦᠷᠦᠭᠰᠡᠨ ᠪᠠᠶᠢᠪᠠᠯ‌ᠢᠷᠭᠡᠨ ᠤ ᠬᠡᠷᠡᠭ ᠤᠨ ᠲᠥᠯᠥᠪᠦᠷᠢ ᠶᠢᠨ ᠲᠠᠯ᠎ᠠ ᠪᠠᠷ ᠰᠢᠭᠦᠬᠦ ᠬᠤᠷᠢᠶᠠᠨ ᠤ ᠬᠢᠨ ᠬᠦᠴᠦᠷᠬᠡᠭᠯᠡᠯ ᠤᠨ ᠬᠤᠣᠷ ᠬᠥᠨᠥᠭᠡᠯ ᠠᠮᠰᠠᠭᠰᠡᠨ‌ᠨᠢᠭᠡ ᠲᠠᠯ᠎ᠠ ᠤᠷᠤᠭᠤ ᠢᠯᠡᠭᠦᠦ ᠬᠡᠯᠪᠡᠶᠢᠵᠦ᠂ ᠣᠯᠵᠤ ᠳᠡᠶᠢᠯᠦᠭᠡ ᠦᠭᠡᠢ ᠢᠷᠭᠡᠨ ᠤ ᠬᠡᠷᠡᠭ ᠤᠨ  ᠲᠥᠯᠥᠪᠦᠷᠢ ᠶᠢ   ᠨᠢ  ᠣᠯᠵᠤ ᠥᠭᠬᠦ ᠪᠣᠯᠣᠨ᠎ᠠ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠷᠠᠳᠢᠣ᠋ ᠰᠦᠯᠵᠢᠶ᠎ᠡ