ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠢᠷᠭᠡᠨ ᠤ ᠬᠡᠷᠡᠭ ᠤᠨ ᠬᠠᠤᠯᠢ ᠴᠠᠭᠠᠵᠠ ᠶᠢᠨ ᠬᠡᠳᠦᠨ ᠠᠰᠠᠭᠤᠳᠠᠯ
ᠨᠡᠶᠢᠲᠡᠯᠡᠭᠰᠡᠨ ᠴᠠᠭ᠄
2020/6/22
ᠵᠣᠬᠢᠶᠠᠭᠴᠢ᠄ ᠤᠯᠠᠭᠠᠨᠨᠠᠷᠠᠰᠤ          ᠰᠢᠨ᠎ᠡ ᠲᠣᠮᠳᠠᠳᠣ ᠣᠯᠣᠰ ᠪᠠᠶᠢᠭᠤᠯᠣᠭᠳᠠᠭᠰᠠᠨ ᠠᠴᠠ ᠨᠠᠭᠠᠰᠢ᠂ ᠬᠤᠶᠠᠷ ᠣᠳᠠᠭᠠᠨ ᠤ ᠣᠯᠠᠨ ᠨᠡᠶᠢᠳᠡ ᠶᠢᠨ ᠡᠷᠡᠭᠦᠯ ᠬᠠᠮᠠᠭᠠᠯᠠᠯ ᠤᠨ ᠬᠡᠷᠡᠭ ᠡᠭᠦᠰᠴᠡᠢ᠃ ᠨᠢᠭᠡ ᠨᠢ 2003 ᠤᠨ ᠤ ︽ᠨᠡᠶᠢᠳᠡᠯᠢᠭ ᠪᠣᠰᠣ ᠬᠡᠯᠪᠡᠷᠢ ᠶᠢᠨ ᠠᠭᠤᠰᠬᠢᠨ ᠦᠷᠪᠢᠰᠣᠯ︾᠂ ᠨᠢᠭᠡ ᠨᠢ ᠲᠠᠷᠣᠢ ᠡᠨᠡ ᠣᠳᠠᠭᠠᠨ ᠤ ᠰᠢᠨ᠎ᠡ ᠲᠢᠳᠢᠮᠯᠢᠭ ᠠᠭᠤᠰᠬᠢᠨ ᠦᠷᠪᠢᠰᠣᠯ ᠪᠣᠯᠣᠨ᠎ᠠ᠃ ᠵᠠᠰᠠᠭ ᠤᠨ ᠣᠷᠳᠣᠨ ᠪᠠ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠠᠴᠠ ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠤ ᠲᠣᠭᠳᠠᠭᠠᠨ ᠬᠡᠷᠡᠭᠵᠢᠭᠦᠯᠦᠭᠰᠡᠨ ᠠᠯᠢ ᠣᠯᠠᠨ ᠲᠦᠷᠢᠮᠵᠢᠯ ᠪᠣᠯᠣᠨ ᠪᠣᠳᠠᠳᠦ ᠠᠵᠢᠯᠯᠠᠭ᠎ᠠ ᠨᠢ ᠠᠯᠪᠠᠳᠠᠯᠭᠠᠳᠣ ᠴᠢᠨᠠᠷᠳᠠᠢ ᠵᠠᠰᠠᠭ ᠵᠠᠬᠢᠷᠭᠠᠨ ᠤ ᠠᠷᠭ᠎ᠠ ᠪᠠᠷᠢᠯ ᠪᠣᠯᠣᠭᠰᠠᠨ ᠤ ᠬᠤᠪᠢ ᠳᠤ᠂ ᠨᠡᠶᠢᠭᠡᠮ ᠤᠨ ᠡᠯ᠎ᠡ ᠲᠠᠯ᠎ᠠ ᠳᠤ ᠯᠣᠳᠣ ᠶᠡᠭᠡ ᠨᠦᠯᠦᠭᠡ ᠭᠠᠷᠭᠠᠬᠤ ᠨᠢ ᠵᠠᠶᠢᠯᠠᠰᠢ ᠦᠭᠡᠢ᠃ ᠭᠡᠬᠦ ᠳᠡᠭᠡᠨ ᠡᠨᠡ ᠬᠦ ᠵᠠᠩᠭᠢᠯᠠᠭ᠎ᠠ ᠶᠢᠨ ᠬᠤᠭᠤᠴᠠᠭᠠᠨ ᠳᠤ ᠬᠤᠪᠢ ᠬᠦᠮᠦᠨ ᠤ ᠬᠤᠭᠤᠷᠣᠨᠳᠤ᠂ ᠬᠤᠪᠢ ᠬᠦᠮᠦᠨ ᠪᠠ ᠪᠠᠶᠢᠭᠤᠯᠭ᠎ᠠ ᠶᠢᠨ ᠬᠤᠭᠤᠷᠣᠨᠳᠣ᠂ ᠪᠠᠶᠢᠭᠤᠯᠭ᠎ᠠ ᠪᠣᠯᠣᠨ ᠪᠠᠶᠢᠭᠤᠯᠭ᠎ᠠ ᠶᠢᠨ ᠬᠤᠭᠤᠷᠣᠨᠳᠣᠬᠢ ᠢᠷᠭᠡᠨ ᠤ ᠬᠡᠷᠡᠭ ᠤᠨ ᠬᠠᠣᠯᠢ ᠴᠠᠭᠠᠵᠠ ᠶᠢᠨ ᠬᠠᠷᠢᠴᠠᠭ᠎ᠠ ᠶᠢ ᠬᠠᠣᠯᠢ ᠶᠣᠰᠣᠭᠠᠷ ᠵᠦᠢ ᠵᠣᠬᠢᠰᠳᠠᠢ ᠰᠢᠢᠳᠪᠦᠷᠢᠯᠡᠬᠦ ᠪᠣᠯ ᠪᠦᠬᠦ ᠨᠡᠶᠢᠭᠡᠮ ᠤᠨ ᠠᠮᠣᠷ ᠲᠣᠭᠳᠠᠭᠤᠨ ᠪᠠ ᠡᠷᠡᠭᠦᠯ ᠢᠶᠠᠷ ᠬᠦᠭᠵᠢᠬᠦ ᠶᠢ ᠪᠠᠳᠣᠯᠠᠬᠤ ᠶᠢᠨ ᠤᠷᠢᠳᠠᠯ ᠰᠠᠭᠤᠷᠢ ᠪᠣᠯᠬᠤ ᠶᠣᠰᠣᠳᠠᠢ᠃          ᠨᠢᠭᠡ᠂ ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠢᠷᠭᠡᠨ ᠤ ᠭᠡᠷ᠎ᠡ ᠶᠢᠨ ᠵᠠᠭᠤᠷᠠᠭᠠᠨ ᠤ ᠬᠠᠤᠯᠢ ᠶᠢᠨ ᠠᠰᠠᠭᠤᠳᠠᠯ          ᠰᠢᠨ᠎ᠡ ᠲᠢᠳᠢᠮᠯᠢᠭ ᠠᠭᠤᠰᠬᠢᠨ ᠦᠷᠪᠢᠰᠣᠯ ᠤᠨ ᠬᠢᠵᠢᠭ ᠤᠨ ᠪᠠᠶᠢᠳᠠᠯ ᠡᠭᠦᠰᠦᠭᠰᠡᠨ ᠤ ᠲᠠᠷᠠᠭ᠎ᠠ᠂ ᠠᠷᠠᠳ ᠣᠯᠠᠨ ᠤ ᠠᠮᠢ ᠨᠠᠰᠣ᠂ ᠡᠷᠡᠭᠦᠯ ᠮᠡᠨᠳᠦ᠂ ᠡᠳ᠋ ᠬᠦᠷᠦᠩᠭᠡ ᠶᠢᠨ ᠠᠮᠣᠷ ᠲᠦᠪᠰᠢᠨ ᠢ ᠬᠠᠮᠠᠭᠠᠯᠠᠬᠤ ᠶᠢᠨ ᠲᠣᠰᠠᠳᠠ ᠡᠯ᠎ᠡ ᠭᠠᠵᠠᠷ ᠣᠷᠣᠨ᠂ ᠡᠯ᠎ᠡ ᠱᠠᠳᠣᠨ ᠤ ᠵᠠᠰᠠᠭ ᠤᠨ ᠣᠷᠳᠣᠨ ᠠᠴᠠ ᠪᠣᠳᠠᠳᠠᠢ ᠪᠠᠶᠢᠳᠠᠯ ᠢᠶᠠᠨ ᠦᠨᠳᠦᠰᠦᠯᠡᠨ ᠬᠢᠵᠢᠭ ᠢ ᠰᠡᠷᠭᠡᠶᠢᠯᠡᠨ ᠡᠵᠡᠮᠳᠡᠬᠦ ᠪᠦᠳᠦᠮᠵᠢᠳᠠᠢ ᠠᠷᠭ᠎ᠠ ᠬᠡᠮᠵᠢᠶ᠎ᠡ ᠠᠪᠣᠭᠰᠠᠨ ᠪᠠᠶᠢᠨ᠎ᠠ᠃ ᠶᠠᠷᠢᠶᠠᠨ ᠦᠭᠡᠢ ᠡᠳᠡᠭᠡᠷ ᠵᠠᠰᠠᠭ ᠵᠠᠬᠢᠷᠭᠠᠨ ᠤ ᠠᠷᠭ᠎ᠠ ᠪᠠᠷᠢᠯ ᠨᠢ ᠶᠡᠷᠦ ᠪᠣᠰᠣ ᠶᠢᠨ ᠴᠠᠭ ᠲᠠᠬᠢ ᠨᠡᠶᠢᠭᠡᠮ ᠤᠨ ᠬᠠᠮᠢᠶᠠᠷᠣᠯᠳᠠ ᠶᠢᠨ ᠣᠨᠴᠠᠭᠠᠢ ᠬᠡᠯᠪᠡᠷᠢ ᠪᠣᠯᠣᠭᠰᠠᠨ ᠤ ᠬᠤᠪᠢ ᠳᠤ᠂ ᠵᠠᠰᠠᠭ ᠵᠠᠬᠢᠷᠭᠠᠨ ᠤ ᠬᠠᠣᠯᠢ ᠴᠠᠭᠠᠵᠠ ᠶᠢᠨ ᠬᠠᠷᠢᠴᠠᠭᠠᠨ ᠳᠤ ᠰᠢᠭᠤᠳ ᠨᠦᠯᠦᠭᠡ ᠦᠵᠡᠭᠦᠯᠬᠦ ᠪᠠᠷ ᠦᠯᠦ ᠪᠠᠷᠠᠮ ᠡᠷᠬᠡ ᠲᠡᠭᠰᠢ ᠪᠡᠶᠡᠴᠢ ᠴᠣᠭᠴᠠ ᠶᠢᠨ ᠢᠷᠭᠡᠨ ᠤ ᠬᠠᠣᠯᠢ ᠴᠠᠭᠠᠵᠠ ᠶᠢᠨ ᠬᠠᠷᠢᠴᠠᠭᠠᠨ ᠤ ᠲᠣᠬᠠᠢ ᠶᠢᠨ ᠬᠦᠮᠦᠨ ᠤ ᠡᠷᠬᠡ ᠪᠠ ᠡᠭᠦᠷᠭᠡ ᠶᠢ ᠲᠠᠬᠢᠨᠳᠠ ᠬᠤᠪᠢᠶᠠᠷᠢᠯᠠᠬᠤ ᠦᠷ᠎ᠡ ᠳ᠋ᠦᠩ ᠢ ᠴᠦ ᠪᠣᠢ ᠪᠣᠯᠭᠠᠳᠠᠭ ᠶᠣᠮ᠃ ᠡᠶᠢᠮᠦᠷᠬᠦᠦ ᠨᠦᠯᠦᠭᠡ ᠲᠣᠰᠬᠠᠯ ᠨᠢ ᠢᠷᠭᠡᠨ ᠤ ᠭᠡᠷ᠎ᠡ ᠶᠢᠨ ᠬᠠᠷᠢᠴᠠᠭᠠᠨ ᠳᠤ ᠨᠡᠩ ᠴᠦ ᠢᠯᠭᠤᠮ ᠪᠣᠳᠠᠳᠠᠢ ᠲᠣᠰᠬᠠᠭᠳᠠᠳᠠᠭ ᠶᠤᠮ᠃          2 ᠰᠠᠷ᠎ᠠ ᠶᠢᠨ 14 ᠤ ᠡᠳᠦᠷ ᠨᠡᠶᠢᠳᠡᠯᠡᠵᠦ ᠬᠡᠷᠡᠭᠵᠢᠭᠦᠯᠦᠭᠰᠡᠨ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠦᠨᠳᠦᠷ ᠵᠡᠷᠭᠡ ᠶᠢᠨ ᠰᠢᠭᠦᠬᠦ ᠬᠤᠷᠢᠶ᠎ᠠ ᠶᠢᠨ ︽ᠰᠢᠨ᠎ᠡ ᠲᠢᠳᠢᠮᠯᠢᠭ ᠠᠭᠤᠰᠬᠢᠨ ᠦᠷᠪᠢᠰᠣᠯ ᠤᠨ ᠬᠢᠵᠢᠭ ᠤᠨ ᠪᠠᠶᠢᠳᠠᠯ ᠳᠤ ᠬᠤᠯᠪᠣᠭᠳᠠᠬᠤ ᠢᠷᠭᠡᠨ ᠤ ᠪᠠ ᠬᠤᠳᠠᠯᠳᠣᠭᠠᠨ ᠤ ᠬᠡᠷᠡᠭ ᠢ ᠰᠢᠭᠦᠬᠦ ᠬᠠᠮᠢᠶ᠎ᠠ ᠪᠦᠬᠦᠢ ᠠᠰᠠᠭᠤᠳᠠᠯ ᠤᠨ ᠲᠣᠬᠠᠢ ᠵᠢᠯᠣᠭᠤᠳᠣᠮᠵᠢ︾ ᠳᠤ ᠰᠢᠨ᠎ᠡ ᠲᠢᠳᠢᠮᠯᠢᠭ ᠠᠭᠤᠰᠬᠢᠨ ᠦᠷᠪᠢᠰᠣᠯ ᠤᠨ ᠬᠢᠵᠢᠭ ᠤᠨ ᠪᠠᠶᠢᠳᠠᠯ ᠪᠣᠯ ᠢᠷᠭᠡᠨ ᠤ ᠬᠠᠣᠯᠢ ᠶᠢᠨ ᠶᠡᠷᠦᠩᠬᠡᠢ ᠲᠦᠷᠢᠮ ᠳᠠᠬᠢ ᠬᠤᠷᠢᠬᠯᠠᠬᠳᠠᠰᠢ ᠦᠭᠡᠢ ᠬᠦᠴᠦᠨ ᠳᠤ ᠲᠣᠭᠠᠴᠠᠭᠳᠠᠨ᠎ᠠ ᠭᠡᠵᠦ ᠵᠢᠭᠠᠨ ᠭᠠᠷᠭᠠᠵᠠᠢ᠃ 2020 ᠣᠨ ᠤ 4 ᠰᠠᠷ᠎ᠠ ᠶᠢᠨ 20 ᠤ ᠡᠳᠦᠷ ᠠᠷᠠᠳ ᠤᠨ ᠲᠡᠭᠡᠳᠦ ᠰᠢᠭᠦᠬᠦ ᠬᠤᠷᠢᠶ᠎ᠠ ︽ᠰᠢᠨ᠎ᠡ ᠲᠢᠳᠢᠮᠯᠢᠭ ᠠᠭᠤᠰᠬᠢᠨ ᠦᠷᠪᠢᠰᠣᠯ ᠤᠨ ᠬᠢᠵᠢᠭ ᠤᠨ ᠪᠠᠶᠢᠳᠠᠯ ᠳᠤ ᠬᠤᠯᠪᠣᠭᠳᠠᠬᠤ ᠢᠷᠭᠡᠨ ᠤ ᠬᠡᠷᠡᠭ ᠢ ᠬᠠᠣᠯᠢ ᠶᠣᠰᠣᠭᠠᠷ ᠲᠣᠬᠢᠷᠠᠮᠵᠢᠳᠠᠢ ᠰᠢᠭᠦᠬᠦ ᠡᠳᠦᠢ ᠲᠡᠳᠦᠢ ᠠᠰᠠᠭᠤᠳᠠᠯ ᠤᠨ ᠲᠣᠬᠠᠢ ᠵᠢᠯᠣᠭᠤᠳᠬᠤ ᠰᠠᠨᠠᠯ ︾ ᠢ ᠨᠡᠶᠢᠳᠡᠯᠡᠵᠦ᠂ ᠬᠠᠣᠯᠢ ᠴᠠᠭᠠᠵᠠ ᠶᠢᠨ ᠠᠵᠢᠯᠯᠠᠭᠠᠨ ᠤ ᠲᠣᠮᠳᠠ ᠰᠢᠨ᠎ᠡ ᠲᠢᠳᠢᠮᠯᠢᠭ ᠠᠭᠤᠰᠬᠢᠨ ᠦᠷᠪᠢᠰᠣᠯ ᠤᠨ ᠬᠢᠵᠢᠭ ᠤᠨ ᠪᠠᠶᠢᠳᠠᠯ ᠳᠤ ᠬᠤᠯᠪᠣᠭᠳᠠᠬᠤ ᠢᠷᠭᠡᠨ ᠤ ᠬᠡᠷᠡᠭ ᠢ ᠬᠠᠣᠯᠢ ᠶᠣᠰᠣᠭᠠᠷ ᠬᠡᠷᠬᠢᠨ ᠵᠣᠬᠢᠰᠳᠠᠢ ᠰᠢᠢᠳᠪᠦᠷᠢᠯᠡᠬᠦ ᠲᠣᠬᠠᠢ ᠲᠦᠷᠢᠮᠵᠢᠯ ᠤᠨ ᠦᠨᠳᠦᠰᠦᠯᠡᠯ ᠢ ᠬᠠᠩᠭᠠᠭᠰᠠᠨ ᠪᠠᠶᠢᠨ᠎ᠠ᠃ ︽ᠢᠷᠭᠡᠨ ᠤ ᠬᠠᠣᠯᠢ ᠶᠢᠨ ᠶᠡᠷᠦᠩᠬᠡᠢ ᠲᠦᠷᠢᠮ︾᠂ ︽ᠭᠡᠷ᠎ᠡ ᠶᠢᠨ ᠬᠠᠣᠯᠢ︾ ᠵᠡᠷᠭᠡ ᠢᠷᠭᠡᠨ ᠤ ᠬᠠᠣᠯᠢ ᠴᠠᠭᠠᠵᠠ ᠵᠢᠴᠢ ᠲᠡᠭᠡᠷ᠎ᠡ ᠶᠠᠷᠢᠭᠰᠠᠨ ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠪᠦᠬᠦ ᠣᠯᠣᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠬᠠᠣᠯᠢ ᠴᠠᠭᠠᠵᠠ ᠶᠢᠨ ᠵᠦᠪᠯᠡᠯ ᠤᠨ ︽ᠬᠠᠷᠢᠭᠤ︾᠂ ᠠᠷᠠᠳ ᠤᠨ ᠲᠡᠭᠡᠳᠦ ᠰᠢᠭᠦᠬᠦ ᠬᠤᠷᠢᠶ᠎ᠠ ᠶᠢᠨ ︽ᠵᠢᠯᠣᠭᠤᠳᠬᠤ ᠰᠠᠨᠠᠯ︾ ᠪᠣᠯᠣᠨ ᠮᠠᠨ ᠤ ᠣᠷᠣᠨ ᠤ ᠦᠨᠳᠦᠷ ᠵᠡᠷᠭᠡ ᠶᠢᠨ ᠰᠢᠭᠦᠬᠦ ᠬᠤᠷᠢᠶ᠎ᠠ ᠶᠢᠨ ︽ᠵᠢᠯᠣᠭᠤᠳᠣᠮᠵᠢ︾ ᠵᠡᠷᠭᠡ ᠶᠢ ᠦᠨᠳᠦᠰᠦᠯᠡᠪᠡᠯ᠂ ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠢᠷᠭᠡᠨ ᠤ ᠭᠡᠷ᠎ᠡ ᠶᠢᠨ ᠵᠠᠭᠤᠷᠠᠭᠠᠨ ᠤ ᠬᠠᠣᠯᠢ ᠶᠢᠨ ᠠᠰᠠᠭᠤᠳᠠᠯ ᠤᠳ ᠲᠤ ᠲᠣᠣᠷᠠᠬᠢ ᠮᠡᠳᠦ ᠵᠠᠳᠠᠯᠣᠯᠳᠠ ᠬᠢᠵᠦ ᠪᠣᠯᠣᠨ᠎ᠠ᠃          ︵ᠨᠢᠭᠡ︶ ᠢᠷᠭᠡᠨ ᠤ ᠭᠡᠷ᠎ᠡ ᠶᠢᠨ ᠵᠠᠭᠤᠷᠠᠭᠠᠨ ᠳᠠᠬᠢ ᠬᠤᠷᠢᠬᠯᠠᠬᠳᠠᠰᠢ ᠦᠭᠡᠢ ᠬᠦᠴᠦᠨ          ︽ᠢᠷᠭᠡᠨ ᠤ ᠬᠠᠣᠯᠢ ᠶᠢᠨ ᠶᠡᠷᠦᠩᠬᠡᠢ ᠲᠦᠷᠢᠮ ︾ ᠤᠨ 180 ᠳ᠋ᠤᠭᠠᠷ ᠵᠦᠢᠯ ᠤᠨ ᠬᠤᠶᠠᠳᠤᠭᠠᠷ ᠪᠠᠳᠠᠭ ᠪᠣᠯᠣᠨ ︽ᠭᠡᠷ᠎ᠡ ᠶᠢᠨ ᠬᠠᠣᠯᠢ︾ ᠶᠢᠨ 117 ᠳ᠋ᠤᠭᠠᠷ ᠵᠦᠢᠯ ᠤᠨ ᠬᠤᠶᠠᠳᠤᠭᠠᠷ ᠪᠠᠳᠠᠭ ᠤᠨ ᠲᠣᠭᠳᠠᠭᠠᠯ ᠢ ᠦᠨᠳᠦᠰᠦᠯᠡᠪᠡᠯ᠂ ᠬᠤᠷᠢᠬᠯᠠᠬᠳᠠᠰᠢ ᠦᠭᠡᠢ ᠬᠦᠴᠦᠨ ᠭᠡᠳᠡᠭ ᠪᠣᠯ ᠣᠷᠢᠳᠴᠢᠯᠠᠨ ᠮᠡᠳᠡᠵᠦ ᠦᠯᠦ ᠴᠢᠳᠠᠬᠤ᠂ ᠵᠠᠶᠢᠯᠠᠰᠬᠢᠵᠣ ᠦᠯᠦ ᠴᠢᠳᠠᠬᠤ ᠮᠦᠷᠳᠡᠭᠡᠨ ᠢᠯᠠᠨ ᠲᠠᠪᠠᠵᠣ ᠦᠯᠦ ᠴᠢᠳᠠᠬᠤ ᠪᠣᠰᠣᠳᠴᠢ ᠪᠠᠶᠢᠳᠠᠯ ᠢ ᠵᠢᠭᠠᠳᠠᠭ᠃ ᠬᠤᠷᠢᠬᠯᠠᠭᠳᠠᠰᠢ ᠦᠭᠡᠢ ᠬᠦᠴᠦᠨ ᠨᠢ ᠭᠡᠷ᠎ᠡ ᠶᠢᠨ ᠲᠣᠬᠠᠢ ᠶᠢᠨ ᠬᠦᠮᠦᠨ ᠤ ᠬᠠᠷᠢᠭᠤᠴᠠᠯᠭ᠎ᠠ ᠠᠴᠠ ᠬᠡᠯᠳᠦᠷᠢᠭᠦᠯᠬᠦ ᠨᠦᠬᠦᠴᠡᠯ ᠪᠣᠯᠣᠭᠰᠠᠨ ᠤ ᠬᠤᠪᠢ ᠳᠤ ᠲᠡᠷᠡ ᠨᠢ ᠲᠣᠬᠠᠢ ᠶᠢᠨ ᠬᠦᠮᠦᠨ ᠤ ᠪᠡᠶᠡᠴᠢ ᠲᠠᠯ᠎ᠠ ᠶᠢᠨ ᠣᠰᠣᠯ ᠪᠣᠷᠣᠭᠤ ᠠᠴᠠ ᠰᠢᠯᠳᠠᠭᠠᠯᠠᠭᠳᠠᠭᠰᠠᠨ ᠪᠢᠰᠢ ᠬᠠᠷᠢᠨ ᠭᠡᠷ᠎ᠡ ᠲᠣᠭᠳᠠᠭᠰᠠᠨ ᠤ ᠲᠠᠷᠠᠭ᠎ᠠ ᠭᠡᠷ᠎ᠡ ᠶᠢᠨ ᠲᠣᠬᠠᠢ ᠶᠢᠨ ᠬᠦᠮᠦᠨ ᠣᠷᠢᠳᠴᠢᠯᠠᠨ ᠰᠡᠷᠭᠡᠶᠢᠯᠡᠵᠦ ᠲᠡᠶᠢᠯᠬᠦ ᠦᠭᠡᠢ᠂ ᠡᠵᠡᠮᠳᠡᠵᠦ ᠲᠡᠶᠢᠯᠬᠦ ᠦᠭᠡᠢ ᠬᠡᠷᠡᠭ ᠡᠭᠦᠰᠴᠦ ᠭᠡᠷ᠎ᠡ ᠶᠢ ᠭᠦᠢᠴᠡᠳᠬᠡᠵᠦ ᠲᠡᠶᠢᠯᠬᠦ ᠦᠭᠡᠢ ᠪᠣᠶᠣ ᠪᠣᠯᠵᠤᠭ᠎ᠠ ᠶᠣᠰᠣᠭᠠᠷ ᠭᠦᠢᠴᠡᠳᠬᠡᠵᠦ ᠲᠡᠶᠢᠯᠬᠦ ᠦᠭᠡᠢ ᠪᠠᠶᠢᠵᠣ᠂ ᠬᠠᠷᠢᠭᠤᠴᠠᠯᠭᠠᠳᠣ ᠬᠦᠮᠦᠨ ᠨᠢ ᠬᠠᠣᠯᠢ ᠶᠣᠰᠣᠭᠠᠷ ᠬᠡᠰᠡᠭ ᠬᠠᠷᠢᠭᠤᠴᠠᠯᠭ᠎ᠠ ᠪᠣᠶᠣ ᠪᠦᠬᠦ ᠬᠠᠷᠢᠭᠤᠴᠠᠯᠭ᠎ᠠ ᠠᠴᠠ ᠬᠡᠯᠳᠦᠷᠢᠳᠡᠭ ᠪᠠᠶᠢᠨ᠎ᠠ᠃          ︵ᠬᠤᠶᠠᠷ︶ ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠢᠷᠭᠡᠨ ᠤ ᠭᠡᠷ᠎ᠡ ᠶᠢᠨ ᠵᠠᠭᠤᠷᠠᠭᠠᠨ ᠢ ᠰᠢᠢᠳᠪᠦᠷᠢᠯᠡᠬᠦ ᠦᠨᠳᠦᠰᠦᠨ ᠵᠠᠷᠴᠢᠮ ᠪᠣᠯᠣᠨ ᠠᠷᠭ᠎ᠠ ᠬᠡᠯᠪᠡᠷᠢ          ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠭᠡᠷ᠎ᠡ ᠶᠢᠨ ᠵᠠᠭᠤᠷᠠᠭᠠᠨ ᠢ ᠪᠦᠳᠦᠮᠵᠢᠳᠠᠢ ᠰᠢᠢᠳᠪᠦᠷᠢᠯᠡᠬᠦ ᠳᠤ ᠭᠡᠷ᠎ᠡ ᠶᠢᠨ ᠲᠣᠬᠠᠢ ᠶᠢᠨ ᠬᠦᠮᠦᠨ ᠠᠴᠠ ᠬᠤᠪᠢ ᠪᠠ ᠠᠯᠪᠠᠨ ᠤ ᠬᠤᠶᠠᠷ ᠲᠠᠯ᠎ᠠ ᠶᠢᠨ ᠠᠪᠣᠷᠠᠨ ᠲᠣᠰᠠᠯᠠᠬᠤ ᠠᠷᠭ᠎ᠠ ᠵᠠᠮ ᠢ ᠰᠦᠪᠡᠭᠴᠢᠯᠡᠵᠦ ᠪᠣᠯᠳᠠᠭ᠃ ᠬᠤᠪᠢ ᠶᠢᠨ ᠲᠠᠯ᠎ᠠ ᠶᠢᠨ ᠠᠪᠣᠷᠠᠨ ᠲᠣᠰᠠᠯᠠᠬᠤ ᠠᠷᠭ᠎ᠠ ᠵᠠᠮ ᠢᠶᠠᠷ ᠵᠠᠭᠤᠷᠠᠭᠠᠨ ᠢ ᠰᠢᠢᠳᠪᠦᠷᠢᠯᠡᠬᠦ ᠳᠤ ᠪᠣᠳᠠᠳᠣ ᠪᠠᠶᠢᠳᠠᠯ ᠢ ᠬᠦᠨᠳᠦᠳᠬᠡᠨ᠂ ᠬᠠᠷᠢᠯᠴᠠᠨ ᠣᠢᠢᠯᠠᠭᠠᠯᠴᠠᠨ ᠵᠦᠪᠳᠡᠯᠴᠡᠬᠦ ᠵᠠᠷᠴᠢᠮ ᠢ ᠵᠢᠷᠣᠮᠯᠠᠵᠣ᠂ ᠠᠯᠪᠠᠨ ᠤ ᠲᠠᠯ᠎ᠠ ᠠᠴᠠ ᠠᠪᠴᠣ ᠬᠡᠯᠡᠪᠡᠯ᠂ ᠣᠯᠠᠨ ᠡᠰᠢᠵᠢᠭᠦᠯᠦᠯᠳᠡ ᠶᠢᠨ ᠵᠠᠭᠤᠷᠠᠭᠠᠨ ᠢ ᠰᠢᠢᠳᠪᠦᠷᠢᠯᠡᠬᠦ ᠵᠠᠷᠴᠢᠮ᠂ ᠲᠦᠪ ᠭᠤᠣᠯᠴᠢ ᠵᠠᠷᠴᠢᠮ ᠪᠠ ᠴᠢᠯᠦᠭᠡᠳᠦ ᠲᠠᠰᠣᠯᠣᠨ ᠲᠣᠭᠳᠠᠭᠠᠯᠳᠠ ᠶᠢᠨ ᠡᠷᠬᠡ ᠶᠢ ᠬᠠᠣᠯᠢ ᠶᠣᠰᠣᠭᠠᠷ ᠠᠮᠢᠳᠣᠯᠢᠭ ᠬᠡᠷᠡᠭᠯᠡᠬᠦ ᠵᠠᠷᠴᠢᠮ ᠢ ᠪᠠᠷᠢᠮᠳᠠᠯᠠᠭᠰᠠᠨ ᠪᠠᠶᠢᠪᠠᠯ ᠵᠣᠬᠢᠰᠳᠠᠢ᠃          1. ᠵᠦᠪᠳᠡᠯᠴᠡᠨ ᠰᠢᠢᠳᠪᠦᠷᠢᠯᠡᠬᠦ ᠠᠷᠭ᠎ᠠ ᠬᠡᠯᠪᠡᠷᠢ          ᠬᠢᠵᠢᠭ ᠤᠨ ᠪᠠᠶᠢᠳᠠᠯ ᠭᠠᠷᠣᠭᠰᠠᠨ ᠤ ᠲᠠᠷᠠᠭ᠎ᠠ ᠡᠷᠡᠭᠦᠯ ᠬᠠᠮᠠᠭᠠᠯᠠᠯ᠂ ᠠᠮᠣᠷ ᠲᠦᠪᠰᠢᠨ ᠵᠡᠷᠭᠡ ᠰᠢᠯᠳᠠᠭᠠᠨ ᠵᠢᠴᠢ ᠵᠠᠰᠠᠭ ᠤᠨ ᠣᠷᠳᠣᠨ ᠤ ᠰᠡᠷᠭᠡᠶᠢᠯᠡᠨ ᠡᠵᠡᠮᠳᠡᠬᠦ ᠠᠷᠭ᠎ᠠ ᠪᠠᠷᠢᠯ ᠠᠴᠠ ᠪᠣᠯᠵᠣ᠂ ᠣᠣᠯ ᠤᠨ ᠣᠢᠢᠯᠡᠳᠪᠦᠷᠢ ᠬᠤᠳᠠᠯᠳᠣᠭᠠᠨ ᠤ ᠡᠮᠬᠢ ᠵᠢᠷᠦᠮ ᠡᠪᠳᠡᠭᠳᠡᠨ ᠬᠠᠷᠢᠭᠤᠴᠠᠯᠭᠠᠳᠣ ᠬᠦᠮᠦᠨ ᠨᠢ ᠭᠡᠷ᠎ᠡ ᠶᠢ ᠭᠦᠢᠴᠡᠳᠬᠡᠵᠦ ᠲᠡᠶᠢᠯᠬᠦ ᠦᠭᠡᠢ ᠪᠣᠶᠣ ᠪᠣᠯᠵᠤᠭ᠎ᠠ ᠶᠣᠰᠣᠭᠠᠷ ᠭᠦᠢᠴᠡᠳᠬᠡᠵᠦ ᠲᠡᠶᠢᠯᠬᠦ ᠦᠭᠡᠢ ᠪᠠᠶᠢᠳᠠᠯ ᠭᠠᠷᠳᠠᠭ ᠪᠠᠶᠢᠨ᠎ᠠ᠃ ᠡᠶᠢᠮᠦ ᠠᠴᠠ ᠭᠡᠷ᠎ᠡ ᠶᠢᠨ ᠡᠯ᠎ᠡ ᠲᠠᠯ᠎ᠠ ᠶᠢᠨ ᠲᠣᠬᠠᠢ ᠶᠢᠨ ᠬᠦᠮᠦᠨ ᠳᠤ ᠠᠪᠴᠣ ᠦᠵᠡᠪᠡᠯ᠂ ᠪᠣᠳᠠᠳᠣ ᠪᠠᠶᠢᠳᠠᠯ ᠢ ᠬᠦᠨᠳᠦᠳᠬᠡᠨ᠂ ᠬᠠᠷᠢᠯᠴᠠᠨ ᠣᠢᠢᠯᠠᠭᠠᠯᠴᠠᠨ ᠵᠦᠪᠳᠡᠯᠴᠡᠬᠦ ᠵᠠᠷᠴᠢᠮ ᠶᠣᠰᠣᠭᠠᠷ ᠬᠠᠮᠳᠣ ᠳᠤ ᠠᠰᠢᠭᠳᠠᠢ ᠠᠷᠭ᠎ᠠ ᠬᠡᠯᠪᠡᠷᠢ ᠪᠠᠷ ᠭᠡᠷ᠎ᠡ ᠶᠢᠨ ᠵᠠᠭᠤᠷᠠᠭᠠᠨ ᠢ ᠵᠤᠬᠢᠰᠳᠠᠢ ᠰᠢᠢᠳᠪᠦᠷᠢᠯᠡᠪᠠᠯ ᠵᠤᠬᠢᠨ᠎ᠠ᠃          2 ᠣᠯᠠᠨ ᠡᠰᠢᠳᠤ ᠵᠠᠭᠤᠷᠠᠭᠠᠨ ᠢ ᠰᠢᠢᠳᠪᠦᠷᠢᠯᠡᠬᠦ ᠠᠷᠭ᠎ᠠ ᠬᠡᠯᠪᠡᠷᠢ          ᠵᠦᠪᠳᠡᠯᠴᠡᠨ ᠰᠢᠢᠳᠪᠦᠷᠢᠯᠡᠬᠦ ᠠᠷᠭ᠎ᠠ ᠬᠡᠯᠪᠡᠷᠢ ᠨᠢ ᠬᠡᠳᠦ᠋ᠢᠪᠡᠷ ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠭᠡᠷ᠎ᠡ ᠶᠢᠨ ᠵᠠᠭᠤᠷᠠᠭᠠᠨ ᠢ ᠰᠢᠢᠳᠪᠦᠷᠢᠯᠡᠬᠦ ᠲᠣᠬᠢᠷᠠᠮᠵᠢᠳᠠᠢ ᠠᠷᠭ᠎ᠠ ᠵᠠᠮ ᠪᠠᠶᠢᠭᠰᠠᠨ ᠴᠦ᠂ ᠭᠡᠷ᠎ᠡ ᠶᠢᠨ ᠲᠣᠬᠠᠢ ᠶᠢᠨ ᠬᠦᠮᠦᠨ ᠳᠤ ᠠᠪᠴᠣ ᠬᠡᠯᠡᠪᠡᠯ᠂ ᠲᠣᠰ ᠪᠡᠶ᠎ᠡ ᠶᠢᠨ ᠠᠰᠢᠭ ᠲᠣᠰᠠ ᠶᠢᠨ ᠪᠣᠳᠣᠯᠬᠢᠯᠠᠯ ᠠᠴᠠ ᠰᠢᠯᠳᠠᠭᠠᠯᠠᠭᠳᠠᠨ᠂ ᠭᠡᠷ᠎ᠡ ᠶᠢᠨ ᠡᠯ᠎ᠡ ᠡᠳᠡᠭᠡᠳ ᠢ ᠨᠡᠶᠢᠳᠡᠮ ᠬᠠᠷᠠᠭᠠᠯᠵᠠᠨ ᠲᠣᠰ ᠪᠦᠷᠢ ᠶᠢᠨ ᠠᠰᠢᠭ ᠲᠣᠰᠠ ᠶᠢ ᠲᠡᠩᠴᠡᠭᠦᠷᠢᠳᠡᠢ ᠪᠠᠶᠢᠯᠭᠠᠬᠤ ᠳᠤ ᠬᠦᠴᠢᠷᠳᠡᠢ ᠪᠠᠶᠢᠬᠤ ᠨᠢ ᠲᠠᠮᠵᠢᠭ ᠦᠭᠡᠢ᠃ ᠡᠶᠢᠮᠦ ᠠᠴᠠ ᠭᠡᠷ᠎ᠡ ᠶᠢᠨ ᠡᠯ᠎ᠡ ᠲᠠᠯ᠎ᠠ ᠲᠠᠢ ᠠᠰᠢᠭ ᠬᠤᠣᠷ ᠤᠨ ᠬᠠᠷᠢᠴᠠᠭ᠎ᠠ ᠦᠭᠡᠢ ᠭᠤᠷᠪᠠᠳᠠᠭᠴᠢ ᠡᠳᠡᠭᠡᠳ ᠲᠤ ᠨᠠᠶᠢᠳᠠᠵᠣ᠂ ᠡᠶᠡᠳᠡᠭᠦᠯᠭᠡ ᠶᠢᠨ ᠵᠢᠷᠦᠮ ᠢ ᠰᠣᠩᠭᠤᠬᠤ ᠳᠤ ᠬᠦᠷᠪᠡᠯ᠂ ᠵᠦᠪᠳᠡᠯᠴᠡᠨ ᠰᠢᠢᠳᠪᠦᠷᠢᠯᠡᠬᠦ ᠠᠷᠭ᠎ᠠ ᠵᠠᠮ ᠤᠨ ᠬᠦᠷᠦᠯᠴᠡᠬᠦ ᠦᠭᠡᠢ ᠵᠦᠢᠯᠡᠰ ᠢ ᠪᠦᠳᠦᠮᠵᠢᠳᠡᠢ ᠨᠦᠬᠦᠪᠦᠷᠢᠯᠡᠵᠦ ᠪᠣᠯᠣᠨ᠎ᠠ᠃          3. ᠵᠠᠷᠭᠤ ᠶᠢᠨ ᠠᠷᠭ᠎ᠠ ᠬᠡᠯᠪᠡᠷᠢ          ᠬᠠᠣᠯᠢ ᠴᠠᠭᠠᠵᠠ ᠪᠣᠯ ᠨᠡᠶᠢᠭᠡᠮ ᠤᠨ ᠲᠦᠪ ᠭᠤᠣᠯᠴᠢ ᠰᠢᠳᠣᠷᠭᠤ ᠶᠣᠰᠣ ᠶᠢ ᠪᠠᠳᠣᠯᠠᠬᠤ ᠬᠠᠮᠤᠭ ᠡᠴᠦᠰ ᠤᠨ ᠬᠠᠮᠠᠭᠠᠯᠠᠯᠳᠠ ᠶᠢᠨ ᠱᠣᠭᠤᠮ ᠪᠣᠯᠣᠨ᠎ᠠ᠃ ᠡᠶᠢᠮᠦ ᠠᠴᠠ ᠵᠠᠷᠭᠤ ᠪᠣᠯ ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠭᠡᠷ᠎ᠡ ᠶᠢᠨ ᠵᠠᠭᠤᠷᠠᠭᠠᠨ ᠢ ᠲᠦᠢᠯᠪᠣᠷᠢᠳᠠᠢ ᠰᠢᠢᠳᠪᠦᠷᠢᠯᠡᠬᠦ ᠬᠠᠮᠤᠭ ᠰᠡᠭᠦᠯ ᠤᠨ ᠠᠷᠭ᠎ᠠ ᠵᠠᠮ ᠪᠠᠶᠢᠬᠤ ᠶᠣᠰᠣᠳᠠᠢ᠃          ᠬᠤᠶᠠᠷ᠂ ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠡᠷᠬᠡᠨ ᠳᠤ ᠬᠠᠯᠳᠠᠭᠰᠠᠨ ᠵᠠᠭᠤᠷᠠᠭᠠᠨ ᠤ ᠬᠠᠣᠯᠢ ᠴᠠᠭᠠᠵᠠ ᠶᠢᠨ ᠠᠰᠠᠭᠤᠳᠠᠯ          ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠡᠷᠬᠡᠨ ᠳᠤ ᠬᠠᠯᠳᠠᠭᠰᠠᠨ ᠢᠷᠭᠡᠨ ᠤ ᠬᠡᠷᠡᠭ ᠢ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠢ ᠬᠠᠷᠰᠢᠯᠠᠵᠣ ᠡᠷᠬᠡᠨ ᠳᠤ ᠬᠠᠯᠳᠠᠭᠰᠠᠨ ᠵᠠᠭᠤᠷᠠᠭᠠᠨ ᠪᠠ ᠪᠣᠰᠣᠳ ᠡᠷᠬᠡᠨ ᠳᠤ ᠬᠠᠯᠳᠠᠭᠰᠠᠨ ᠵᠠᠭᠤᠷᠠᠭᠠᠨ ᠭᠡᠵᠦ ᠬᠤᠪᠢᠶᠠᠵᠣ ᠪᠣᠯᠣᠨ᠎ᠠ᠃          ︵ᠨᠢᠭᠡ︶ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠢ ᠬᠠᠷᠰᠢᠯᠠᠵᠣ ᠡᠷᠬᠡᠨ ᠳᠤ ᠬᠠᠯᠳᠠᠭᠰᠠᠨ ᠵᠠᠭᠤᠷᠠᠭᠠᠨ          ︽ᠬᠠᠯᠳᠠᠪᠣᠷᠢᠳᠣ ᠡᠪᠡᠳᠴᠢᠨ ᠢ ᠰᠡᠷᠭᠡᠢᠯᠡᠨ ᠵᠠᠰᠠᠬᠤ ᠬᠠᠣᠯᠢ︾ ᠶᠢᠨ 77 ᠳ᠋ᠤᠭᠠᠷ ᠵᠦᠢᠯ ᠳᠤ᠂ ︽ᠨᠢᠭᠡᠴᠢ ᠪᠠ ᠬᠤᠪᠢ ᠬᠦᠮᠦᠨ ᠲᠣᠰ ᠬᠠᠣᠯᠢ ᠶᠢᠨ ᠲᠣᠭᠳᠠᠭᠠᠯ ᠢ ᠵᠦᠷᠢᠴᠡᠭᠰᠡᠨ ᠠᠴᠠ ᠪᠣᠯᠵᠣ ᠬᠠᠯᠳᠠᠪᠣᠷᠢᠳᠣ ᠡᠪᠡᠳᠴᠢᠨ ᠲᠠᠷᠬᠠᠬᠤ᠂ ᠲᠡᠯᠭᠡᠷᠡᠬᠦ ᠳᠤ ᠬᠦᠷᠦᠭᠦᠯᠵᠦ᠂ ᠪᠣᠰᠣᠳ ᠤᠨ ᠪᠡᠶ᠎ᠡ ᠮᠠᠬᠠᠪᠣᠳ᠂ ᠡᠳ᠋ ᠬᠦᠷᠦᠩᠭᠡ ᠳᠤ ᠬᠤᠬᠢᠷᠠᠯ ᠣᠴᠠᠷᠠᠭᠤᠯᠣᠭᠰᠠᠨ ᠪᠠᠶᠢᠪᠠᠯ᠂ ᠬᠠᠣᠯᠢ ᠶᠣᠰᠣᠭᠠᠷ ᠢᠷᠭᠡᠨ ᠤ ᠬᠡᠷᠡᠭ ᠤᠨ ᠬᠠᠷᠢᠭᠤᠴᠠᠯᠭ᠎ᠠ ᠡᠭᠦᠷᠭᠡᠯᠡᠬᠦ ᠬᠡᠷᠡᠭᠳᠡᠢ︾ ᠬᠡᠵᠦ ᠲᠤᠬᠳᠠᠭᠠᠬᠰᠠᠨ ᠪᠠᠶᠢᠳᠠᠬ᠃ ᠡᠭᠦᠨ ᠠᠴᠠ ᠭᠠᠳᠠᠨ᠎ᠠ ᠬᠢᠵᠢᠭ ᠤᠨ ᠬᠤᠭᠤᠴᠠᠭᠠᠨ ᠳᠤ ᠬᠠᠮᠢᠶ᠎ᠠ ᠪᠦᠬᠦᠢ ᠬᠠᠮᠢᠶᠠᠷᠣᠯᠳᠠ ᠶᠢᠨ ᠲᠣᠭᠳᠠᠭᠠᠯ ᠢ ᠵᠦᠷᠢᠴᠡᠨ᠂ ᠬᠢᠵᠢᠭ ᠢ ᠰᠡᠷᠭᠡᠶᠢᠯᠡᠨ ᠡᠵᠡᠮᠳᠡᠬᠦ ᠠᠵᠢᠯ ᠢ ᠡᠭᠦᠷᠭᠡᠯᠡᠵᠦ ᠪᠠᠶᠢᠭ᠎ᠠ ᠠᠵᠢᠯᠳᠠᠨ ᠪᠣᠯᠣᠨ ᠡᠮᠴᠢᠯᠡᠭᠡᠨ ᠤ ᠠᠵᠢᠯᠳᠠᠨ ᠢ ᠴᠣᠬᠢᠬᠤ᠂ ᠭᠤᠳᠣᠭᠠᠨ ᠬᠠᠷᠢᠶᠠᠬᠤ᠂ ᠰᠡᠷᠭᠡᠶᠢᠯᠡᠨ ᠡᠵᠡᠮᠳᠡᠬᠦ ᠬᠡᠷᠡᠭᠰᠡᠯ ᠪᠠ ᠡᠮᠴᠢᠯᠡᠭᠡᠨ ᠤ ᠬᠡᠷᠡᠭᠰᠡᠯ ᠵᠡᠷᠭᠡ ᠶᠢ ᠡᠪᠳᠡᠭᠰᠡᠨ ᠪᠠᠶᠢᠪᠠᠯ᠂ ᠬᠤᠣᠷ ᠠᠮᠰᠠᠭᠴᠢ ᠬᠤᠪᠢ ᠬᠦᠮᠦᠨ ᠪᠠ ᠪᠠᠶᠢᠭᠤᠯᠭ᠎ᠠ ᠳᠤ ᠪᠣᠷᠣᠭᠤ ᠬᠦᠯᠢᠶᠡᠬᠦ ᠵᠢᠴᠢ ᠲᠦᠯᠦᠪᠦᠷᠢᠯᠡᠬᠦ ᠢᠷᠭᠡᠨ ᠤ ᠬᠠᠷᠢᠭᠤᠴᠠᠯᠭ᠎ᠠ ᠶᠢ ᠡᠭᠦᠷᠭᠡᠯᠡᠬᠦ ᠶᠣᠰᠣᠳᠠᠢ᠃          ︵ᠬᠤᠶᠠᠷ︶ ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠪᠣᠰᠣᠳ ᠡᠷᠬᠡᠨ ᠳᠤ ᠬᠠᠯᠳᠠᠭᠰᠠᠨ ᠵᠠᠭᠤᠷᠠᠭᠠᠨ          ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠤ ᠵᠢᠷᠬᠢᠶ᠎ᠡ᠂ ᠪᠢᠴᠢᠯ ᠪᠦᠷᠭᠡ᠂ ᠰᠦᠯᠵᠢᠶ᠎ᠡ ᠵᠡᠷᠭᠡ ᠶᠢ ᠠᠰᠢᠬᠯᠡᠨ ᠬᠤᠳᠠᠯ ᠮᠡᠳᠡᠭᠡ ᠵᠠᠩᠬᠢ ᠶᠢ ᠲᠠᠷᠬᠠᠭᠠᠨ᠂ ᠰᠢᠨ᠎ᠡ ᠲᠢᠳᠢᠮᠯᠢᠭ ᠠᠭᠤᠰᠬᠢᠨ ᠦᠷᠪᠢᠰᠣᠯ ᠤᠨ ᠡᠪᠡᠳᠴᠢᠳᠡᠨ᠂ ᠰᠡᠵᠢᠭᠯᠡᠯᠳᠡᠢ ᠡᠪᠡᠳᠴᠢᠳᠡᠨ ᠪᠠ ᠪᠣᠰᠣᠳ ᠡᠷᠬᠡᠳᠦ ᠠᠷᠠᠳ ᠤᠨ ᠣᠪᠣᠭ ᠨᠡᠷ᠎ᠡ ᠶᠢᠨ ᠡᠷᠬᠡ᠂ ᠬᠦᠷᠦᠭ ᠵᠢᠷᠤᠭ ᠤᠨ ᠡᠷᠬᠡ᠂ ᠨᠡᠷ᠎ᠡ ᠬᠦᠨᠳᠦ ᠶᠢᠨ ᠡᠷᠬᠡ᠂ ᠬᠤᠪᠢ ᠶᠢᠨ ᠨᠢᠭᠤᠴᠠ ᠶᠢᠨ ᠡᠷᠬᠡ᠂ ᠠᠯᠳᠠᠷ ᠬᠦᠨᠳᠦ ᠶᠢᠨ ᠡᠷᠬᠡ ᠵᠡᠷᠭᠡ ᠵᠢᠴᠢ ᠬᠠᠣᠯᠢ ᠶᠢᠨ ᠬᠦᠮᠦᠨ ᠵᠡᠷᠭᠡ ᠵᠣᠬᠢᠶᠠᠨ ᠪᠠᠶᠢᠭᠤᠯᠣᠯᠳᠠ ᠶᠢᠨ ᠨᠡᠷᠡᠶᠢᠳᠦᠯ ᠤᠨ ᠡᠷᠬᠡ᠂ ᠨᠡᠷ᠎ᠡ ᠬᠦᠨᠳᠦ ᠶᠢᠨ ᠡᠷᠬᠡ ᠳᠤ ᠬᠠᠯᠳᠠᠯᠭ᠎ᠠ ᠣᠴᠠᠷᠠᠭᠤᠯᠣᠭᠰᠠᠨ ᠪᠠᠶᠢᠪᠠᠯ᠂ ᠬᠠᠯᠳᠠᠯᠭ᠎ᠠ ᠶᠢ ᠵᠣᠭᠰᠣᠭᠠᠬᠤ᠂ ᠨᠡᠷ᠎ᠡ ᠬᠦᠨᠳᠦ ᠶᠢ ᠰᠡᠷᠭᠦᠭᠡᠬᠦ᠂ ᠨᠦᠯᠦᠭᠡ ᠶᠢ ᠠᠷᠢᠯᠭᠠᠬᠤ᠂ ᠪᠣᠷᠣᠭᠤ ᠬᠦᠯᠢᠶᠡᠬᠦ᠂ ᠬᠤᠬᠢᠷᠠᠯ ᠢ ᠲᠦᠯᠦᠪᠦᠷᠢᠯᠡᠬᠦ ᠵᠡᠷᠭᠡ ᠢᠷᠭᠡᠨ ᠤ ᠬᠠᠷᠢᠭᠤᠴᠠᠯᠭ᠎ᠠ ᠶᠢ ᠡᠭᠦᠷᠭᠡᠯᠡᠪᠡᠯ ᠵᠣᠬᠢᠨ᠎ᠠ᠃          ᠭᠤᠷᠪᠠ᠂ ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠬᠦᠳᠡᠯᠮᠦᠷᠢ ᠶᠢᠨ ᠵᠠᠭᠤᠷᠠᠭᠠᠨ ᠤ ᠬᠠᠣᠯᠢ ᠴᠠᠭᠠᠵᠠ ᠶᠢᠨ ᠠᠰᠠᠭᠤᠳᠠᠯ          ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠬᠦᠳᠡᠯᠮᠦᠷᠢ ᠶᠢᠨ ᠵᠠᠭᠤᠷᠠᠭᠠᠨ ᠳᠤ ᠬᠦᠳᠡᠯᠮᠦᠷᠢ ᠶᠢᠨ ᠭᠡᠷ᠎ᠡ ᠶᠢᠨ ᠬᠠᠣᠯᠢ ᠴᠠᠭᠠᠵᠠ ᠶᠢᠨ ᠠᠰᠠᠭᠤᠳᠠᠯ ᠪᠣᠯᠣᠨ ᠬᠦᠳᠠᠯᠮᠦᠷᠢᠴᠢᠨ ᠤ ᠬᠦᠯᠦᠰᠦ ᠣᠯᠭᠤᠮᠵᠢ ᠶᠢᠨ ᠬᠠᠣᠯᠢ ᠴᠠᠭᠠᠵᠠ ᠶᠢᠨ ᠠᠰᠠᠭᠤᠳᠠᠯ ᠪᠠᠭᠳᠠᠨ᠎ᠠ᠃ 2020 ᠣᠨ ᠤ 1 ᠰᠠᠷ᠎ᠠ ᠶᠢᠨ 24 ᠤ ᠡᠳᠦᠷ ᠬᠦᠮᠦᠨ ᠤ ᠬᠦᠴᠦᠨ ᠤ ᠡᠬᠢ ᠪᠠᠶᠠᠯᠢᠭ ᠵᠢᠴᠢ ᠨᠡᠶᠢᠭᠡᠮ ᠤᠨ ᠪᠠᠳᠣᠯᠠᠪᠣᠷᠢ ᠶᠢᠨ ᠶᠠᠮᠣᠨ ︽ᠰᠢᠨ᠎ᠡ ᠲᠢᠳᠢᠮᠯᠢᠭ ᠠᠭᠤᠰᠬᠢᠨ ᠦᠷᠪᠢᠰᠣᠯ ᠤᠨ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠬᠦᠳᠡᠯᠮᠦᠷᠢ ᠶᠢᠨ ᠬᠠᠷᠢᠴᠠᠭ᠎ᠠ ᠶᠢᠨ ᠠᠰᠠᠭᠤᠳᠠᠯ ᠢ ᠲᠣᠬᠢᠷᠠᠮᠵᠢᠳᠠᠢ ᠰᠢᠢᠳᠪᠦᠷᠢᠯᠡᠬᠦ ᠲᠣᠬᠠᠢ ᠮᠡᠳᠡᠭᠳᠡᠯ︾ ᠢ ᠨᠡᠶᠢᠳᠡᠯᠡᠵᠦ᠂ ᠵᠠᠰᠠᠭ ᠤᠨ ᠣᠷᠳᠣᠨ ᠤ ᠭᠤᠣᠯᠯᠠᠨ ᠬᠠᠮᠢᠶᠠᠷᠴᠣ ᠪᠠᠶᠢᠭ᠎ᠠ ᠰᠠᠯᠠᠭ᠎ᠠ ᠮᠦᠴᠢᠷ ᠤᠨ ᠲᠠᠯ᠎ᠠ ᠠᠴᠠ ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠬᠦᠳᠡᠯᠮᠦᠷᠢ ᠶᠢᠨ ᠬᠠᠷᠢᠴᠠᠭ᠎ᠠ ᠶᠢᠨ ᠲᠣᠬᠠᠢ ᠰᠠᠨᠠᠯ ᠢ ᠪᠣᠳᠠᠳᠠᠢ ᠢᠯᠡᠷᠬᠡᠶᠢᠯᠡᠵᠡᠢ᠃          ︵ᠨᠢᠭᠡ︶ ᠬᠦᠳᠡᠯᠮᠦᠷᠢ ᠶᠢᠨ ᠭᠡᠷ᠎ᠡ ᠶᠢᠨ ᠬᠠᠣᠯᠢ ᠴᠠᠭᠠᠵᠠ ᠶᠢᠨ ᠠᠰᠠᠭᠤᠳᠠᠯ          ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠬᠦᠳᠡᠯᠮᠦᠷᠢ ᠶᠢᠨ ᠵᠠᠭᠤᠷᠠᠭᠠᠨ ᠢ ᠬᠠᠣᠯᠢ ᠶᠣᠰᠣᠭᠠᠷ ᠵᠣᠬᠢᠰᠳᠠᠢ ᠰᠢᠢᠳᠪᠦᠷᠢᠯᠡᠬᠦ ᠳᠤ ᠲᠣᠣᠷᠠᠬᠢ ᠬᠡᠳᠦᠨ ᠲᠠᠯ᠎ᠠ ᠶᠢᠨ ᠠᠰᠠᠭᠤᠳᠠᠯ ᠢ ᠠᠩᠬᠠᠷᠪᠠᠯ ᠵᠣᠬᠢᠨ᠎ᠠ᠄ ᠡ᠊ ᠡᠭ ᠲᠡᠷᠢᠭᠦᠨ ᠳᠤ᠂ ᠰᠢᠨ᠎ᠡ ᠲᠢᠳᠢᠮᠯᠢᠭ ᠠᠭᠤᠰᠬᠢᠨ ᠦᠷᠪᠢᠰᠣᠯ ᠢᠶᠠᠷ ᠤᠨᠤᠰᠢᠯᠠᠬᠳᠠᠬᠰᠠᠨ ᠡᠪᠡᠳᠴᠢᠳᠡᠨ᠂ ᠰᠡᠵᠢᠭᠯᠡᠯᠳᠡᠢ ᠡᠪᠡᠳᠴᠢᠳᠡᠨ ᠵᠢᠴᠢ ᠨᠢᠭᠳᠠ ᠣᠢᠢᠷᠠᠳᠣᠭᠰᠠᠳ ᠲᠣᠰᠠᠭᠠᠷᠯᠠᠨ ᠡᠮᠨᠡᠵᠦ ᠪᠠᠶᠢᠭ᠎ᠠ ᠬᠤᠭᠤᠴᠠᠭ᠎ᠠ ᠪᠣᠶᠣ ᠠᠨᠠᠭᠠᠬᠤ ᠣᠬᠠᠭᠠᠨ ᠤ ᠪᠠᠶᠢᠴᠠᠭᠠᠯᠳᠠ ᠶᠢᠨ ᠬᠤᠭᠤᠴᠠᠭᠠᠨ ᠳᠤ ᠬᠦᠮᠦᠨ ᠬᠡᠷᠡᠭᠯᠡᠵᠦ ᠪᠠᠶᠢᠭ᠎ᠠ ᠪᠠᠶᠢᠭᠤᠯᠭ᠎ᠠ ᠨᠢᠭᠡᠴᠢ ᠠᠴᠠ ᠬᠦᠳᠡᠯᠮᠦᠷᠢ ᠶᠢᠨ ᠭᠡᠷ᠎ᠡ ᠶᠢ ᠬᠦᠴᠦᠨ ᠦᠭᠡᠢ ᠪᠤᠯᠭᠠᠵᠤ ᠪᠣᠯᠬᠤ ᠦᠭᠡᠢ᠃ ᠡᠭᠦᠨ ᠤ ᠲᠠᠷᠠᠭ᠎ᠠ᠂ ᠵᠠᠰᠠᠭ ᠤᠨ ᠣᠷᠳᠣᠨ ᠤ ᠠᠪᠤᠭᠰᠠᠨ ᠬᠢᠵᠢᠭ ᠢ ᠰᠡᠷᠭᠡᠶᠢᠯᠡᠨ ᠡᠵᠡᠮᠳᠡᠬᠦ ᠠᠷᠭ᠎ᠠ ᠪᠠᠷᠢᠯ ᠠᠴᠠ ᠰᠢᠯᠳᠠᠭᠠᠯᠠᠭᠳᠠᠨ ᠬᠡᠪ ᠤᠨ ᠬᠦᠳᠡᠯᠮᠦᠷᠢ ᠶᠢ ᠬᠠᠩᠭᠠᠵᠣ ᠲᠡᠶᠢᠯᠬᠦ ᠦᠭᠡᠢ ᠬᠤᠭᠤᠴᠠᠭᠠᠨ ᠳᠤ᠂ ᠬᠦᠮᠦᠨ ᠬᠡᠷᠡᠭᠯᠡᠵᠦ ᠪᠠᠶᠢᠭ᠎ᠠ ᠪᠠᠶᠢᠭᠤᠯᠭ᠎ᠠ ᠨᠢᠭᠡᠴᠢ ᠠᠴᠠ ᠬᠦᠳᠡᠯᠮᠦᠷᠢᠴᠢᠨ ᠲᠠᠢ ᠬᠦᠳᠡᠯᠮᠦᠷᠢ ᠶᠢᠨ ᠭᠡᠷ᠎ᠡ ᠶᠢ ᠬᠦᠴᠦᠨ ᠦᠭᠡᠢ ᠪᠤᠯᠭᠠᠵᠤ ᠪᠣᠯᠬᠤ ᠦᠭᠡᠢ᠃ ᠲᠠᠬᠢᠪᠠᠯ᠂ ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠤ ᠬᠦᠳᠡᠯᠮᠦᠷᠢ ᠶᠢᠨ ᠭᠡᠷ᠎ᠡ ᠶᠢᠨ ᠬᠤᠭᠤᠴᠠᠭ᠎ᠠ ᠲᠣᠯᠣᠭᠰᠠᠨ ᠪᠠᠶᠢᠪᠠᠯ᠂ ᠬᠦᠳᠡᠯᠮᠦᠷᠢ ᠶᠢᠨ ᠭᠡᠷ᠎ᠡ ᠶᠢᠨ ᠬᠤᠭᠤᠴᠠᠭ᠎ᠠ ᠶᠢ ᠬᠢᠵᠢᠭ ᠢ ᠰᠡᠷᠭᠡᠶᠢᠯᠡᠨ ᠡᠵᠡᠮᠳᠡᠬᠦ ᠬᠠᠮᠢᠶᠠᠷᠣᠯᠳᠠ ᠶᠢᠨ ᠠᠷᠭ᠎ᠠ ᠬᠡᠮᠵᠢᠶ᠎ᠡ ᠲᠠᠭᠤᠰᠬᠤ ᠪᠣᠯᠳᠠᠯ᠎ᠠ ᠣᠷᠳᠤᠳᠬᠠᠬᠤ ᠴᠢᠬᠤᠯᠠᠳᠠᠢ᠃ ᠬᠠᠮᠤᠭ ᠤᠨ ᠰᠡᠭᠦᠯ ᠳᠤ᠂ ᠬᠦᠮᠦᠨ ᠬᠡᠷᠡᠭᠯᠡᠵᠦ ᠪᠠᠶᠢᠭ᠎ᠠ ᠪᠠᠶᠢᠭᠤᠯᠭ᠎ᠠ ᠨᠢᠭᠡᠴᠢ ᠪᠠ ᠬᠦᠳᠡᠯᠮᠦᠷᠢᠴᠢᠨ ᠤ ᠠᠯᠢ ᠨᠢᠭᠡ ᠲᠠᠯ᠎ᠠ ᠠᠴᠠ ᠬᠢᠵᠢᠭ ᠤᠨ ᠬᠤᠭᠤᠴᠠᠭᠠᠨ ᠳᠠᠬᠢ ᠴᠠᠯᠢᠩ᠂ ᠠᠵᠣ ᠠᠬᠤᠢ ᠶᠢᠨ ᠨᠦᠬᠦᠪᠦᠷᠢ᠂ ᠠᠵᠢᠯ ᠢ ᠰᠡᠷᠭᠦᠭᠡᠬᠦ ᠵᠡᠷᠭᠡ ᠠᠰᠠᠭᠤᠳᠠᠯ ᠠᠴᠠ ᠪᠣᠯᠵᠣ᠂ ᠬᠦᠳᠡᠯᠮᠦᠷᠢ ᠶᠢᠨ ᠭᠡᠷ᠎ᠡ ᠶᠢ ᠬᠦᠴᠦᠨ ᠦᠭᠡᠢ ᠪᠤᠯᠭᠠᠬᠤ ᠪᠠᠷ ᠰᠠᠨᠠᠭᠠᠴᠢᠯᠠᠭᠰᠠᠨ ᠪᠠᠶᠢᠪᠠᠯ᠂ ᠰᠢᠭᠦᠬᠦ ᠬᠤᠷᠢᠶᠠ ᠠᠴᠠ ᠪᠣᠳᠠᠳᠠᠢ ᠪᠠᠶᠢᠳᠠᠯ ᠲᠠᠢ ᠣᠶᠠᠯᠳᠣᠭᠤᠯᠣᠨ ᠵᠣᠬᠢᠰᠳᠠᠢ ᠰᠢᠢᠳᠪᠦᠷᠢᠯᠡᠬᠦ ᠬᠡᠷᠡᠭᠳᠡᠢ᠃          ︵ᠬᠤᠶᠠᠷ︶ ᠬᠦᠳᠠᠯᠮᠦᠷᠢᠴᠢᠨ ᠤ ᠬᠦᠯᠦᠰᠦ ᠣᠯᠭᠤᠮᠵᠢ ᠶᠢᠨ ᠬᠠᠣᠯᠢ ᠴᠠᠭᠠᠵᠠ ᠶᠢᠨ ᠠᠰᠠᠭᠤᠳᠠᠯ          ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠠᠬᠢ ᠬᠦᠳᠠᠯᠮᠦᠷᠢᠴᠢᠨ ᠤ ᠬᠦᠯᠦᠰᠦ ᠣᠯᠭᠤᠮᠵᠢ ᠶᠢᠨ ᠲᠠᠯ᠎ᠠ ᠶᠢᠨ ᠬᠠᠣᠯᠢ ᠴᠠᠭᠠᠵᠠ ᠶᠢᠨ ᠠᠰᠠᠭᠤᠳᠠᠯ ᠳᠤ᠂ ᠲᠦᠷᠢᠮᠵᠢᠯ ᠤᠨ ᠦᠨᠳᠦᠰᠦᠯᠡᠯ ᠵᠢᠴᠢ ᠬᠠᠮᠢᠶ᠎ᠠ ᠪᠦᠬᠦᠢ ᠬᠠᠣᠯᠢ ᠲᠣᠭᠳᠠᠭᠠᠯ ᠵᠡᠷᠭᠡ ᠶᠢ ᠬᠡᠷᠬᠢᠨ ᠨᠠᠶᠢᠳᠠᠪᠣᠷᠢᠵᠢᠭᠤᠯᠬᠤ ᠵᠡᠷᠭᠡ ᠠᠰᠠᠭᠤᠳᠠᠯ ᠤᠳ ᠪᠠᠭᠳᠠᠨ᠎ᠠ᠃          2020 ᠣᠨ ᠤ 1 ᠰᠠᠷ᠎ᠠ ᠶᠢᠨ 27 ᠤ ᠡᠳᠦᠷ ᠤᠨ ︽ᠲᠦᠷᠦ ᠶᠢᠨ ᠶᠠᠪᠣᠳᠠᠯ ᠤᠨ ᠬᠤᠷᠢᠶ᠎ᠠ ᠶᠢᠨ 2020 ᠣᠨ ᠤ ᠴᠠᠭᠠᠨ ᠰᠠᠷ᠎ᠠ ᠶᠢᠨ ᠠᠮᠠᠷᠠᠯᠳᠠ ᠶᠢᠨ ᠬᠤᠭᠤᠴᠠᠭ᠎ᠠ ᠶᠢ ᠣᠷᠳᠣᠳᠬᠠᠬᠤ ᠲᠣᠬᠠᠢ ᠮᠡᠳᠡᠭᠳᠡᠯ ︾ ᠳᠤ ᠴᠠᠭᠠᠨ ᠰᠠᠷ᠎ᠠ ᠶᠢᠨ ᠠᠮᠠᠷᠠᠯᠳᠠ ᠶᠢᠨ ᠬᠤᠭᠤᠴᠠᠭ᠎ᠠ ᠶᠢ 2 ᠰᠠᠷ᠎ᠠ ᠶᠢᠨ 2 ᠤᠨ ᠡᠳᠦᠷ ᠪᠣᠯᠳᠠᠯ᠎ᠠ ᠣᠷᠳᠣᠳᠬᠠᠵᠠᠢ᠃ ᠡᠶᠢᠮᠦ ᠠᠴᠠ 2020 ᠣᠨ ᠤ ᠴᠠᠭᠠᠨ ᠰᠠᠷ᠎ᠠ ᠶᠢᠨ ᠠᠮᠠᠷᠠᠯᠳᠠ ᠶᠢᠨ ᠣᠷᠳᠣᠳᠬᠠᠭᠰᠠᠨ ᠬᠤᠭᠤᠴᠠᠭᠠᠨ ᠳᠤ ᠠᠵᠢᠯ ᠤᠨ ᠪᠠᠶᠢᠷᠢ ᠳᠠᠭᠠᠨ ᠪᠠᠶᠢᠭ᠎ᠠ ᠬᠦᠳᠡᠯᠮᠦᠷᠢᠴᠢᠨ ᠢ ᠬᠦᠮᠦᠨ ᠬᠡᠷᠡᠭᠯᠡᠵᠦ ᠪᠠᠶᠢᠭ᠎ᠠ ᠪᠠᠶᠢᠭᠤᠯᠭ᠎ᠠ ᠨᠢᠭᠡᠴᠢ ᠠᠴᠠ ᠨᠦᠬᠦᠨ ᠠᠮᠠᠷᠠᠭᠤᠯᠬᠤ ᠪᠣᠶᠣ ᠨᠦᠭᠦᠪᠦᠷᠢ ᠤᠯᠭᠤᠬᠤ ᠶᠣᠰᠣᠳᠠᠢ᠃ ᠡᠭᠦᠨ ᠠᠴᠠ ᠭᠠᠳᠠᠨ᠎ᠠ ᠵᠠᠰᠠᠭ ᠤᠨ ᠣᠷᠳᠣᠨ ᠤ ᠠᠪᠤᠭᠰᠠᠨ ᠬᠢᠵᠢᠭ ᠢ ᠰᠡᠷᠭᠡᠶᠢᠯᠡᠨ ᠡᠵᠡᠮᠳᠡᠬᠦ ᠠᠷᠭ᠎ᠠ ᠪᠠᠷᠢᠯ ᠠᠴᠠ ᠰᠢᠯᠳᠠᠭᠠᠯᠠᠭᠳᠠᠨ ᠬᠡᠪ ᠤᠨ ᠬᠦᠳᠡᠯᠮᠦᠷᠢ ᠶᠢ ᠬᠠᠩᠭᠠᠵᠣ ᠲᠡᠶᠢᠯᠬᠦ ᠦᠭᠡᠢ ᠬᠤᠭᠤᠴᠠᠭᠠᠨ ᠳᠤ᠂ ᠬᠦᠮᠦᠨ ᠬᠡᠷᠡᠭᠯᠡᠵᠦ ᠪᠠᠶᠢᠭ᠎ᠠ ᠪᠠᠶᠢᠭᠤᠯᠭ᠎ᠠ ᠨᠢᠭᠡᠴᠢ ᠠᠴᠠ ᠮᠦᠨ ᠴᠦ ᠬᠦᠳᠡᠯᠮᠦᠷᠢᠴᠢᠨ ᠤ ᠬᠦᠯᠦᠰᠦ ᠣᠯᠭᠤᠮᠵᠢ ᠶᠢ ᠪᠠᠳᠣᠯᠠᠬᠤ ᠬᠡᠷᠡᠭᠳᠡᠢ᠃          ᠣᠳᠣᠬᠠᠨ ᠳᠤ ᠪᠦᠬᠦ ᠣᠯᠣᠰ ᠲᠠᠶᠠᠭᠠᠷ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠪᠠ ᠣᠢᠢᠯᠡᠳᠪᠦᠷᠢᠯᠡᠯ ᠢ ᠰᠡᠷᠭᠦᠭᠡᠨ ᠠᠵᠣ ᠠᠬᠤᠢ ᠨᠡᠶᠢᠭᠡᠮ ᠤᠨ ᠬᠦᠭᠵᠢᠯᠳᠡ ᠶᠢ ᠠᠬᠢᠭᠤᠯᠬᠤ᠂ ᠬᠤᠶᠠᠷ ᠲᠠᠯ᠎ᠠ ᠶᠢᠨ ᠠᠵᠢᠯ ᠢ ᠬᠠᠮᠳᠣ ᠳᠤᠨᠢ ᠠᠬᠢᠭᠤᠯᠬᠤ ᠵᠠᠩᠭᠢᠯᠠᠭ᠎ᠠ ᠶᠢᠨ ᠱᠠᠳᠣᠨ ᠳᠤ ᠣᠷᠣᠭᠠᠳ ᠪᠣᠢ᠃ ᠡᠶᠢᠮᠦ ᠠᠴᠠ ᠡᠨᠡ ᠬᠦ ᠬᠤᠭᠤᠴᠠᠭᠠᠨ ᠳᠤ ᠡᠭᠦᠰᠦᠭᠰᠡᠨ ᠭᠡᠷ᠎ᠡ ᠶᠢᠨ ᠵᠠᠭᠤᠷᠠᠭᠠᠨ ᠪᠣᠯᠣᠨ ᠡᠷᠬᠡᠨ ᠳᠤ ᠬᠠᠯᠳᠠᠭᠰᠠᠨ ᠵᠠᠭᠤᠷᠠᠭᠠᠨ ᠵᠢᠴᠢ ᠬᠦᠳᠡᠯᠮᠦᠷᠢ ᠶᠢᠨ ᠵᠠᠭᠤᠷᠠᠭᠠᠨ ᠢ ᠬᠠᠣᠯᠢ ᠶᠣᠰᠣᠭᠠᠷ ᠵᠣᠬᠢᠰᠳᠠᠢ ᠰᠢᠢᠳᠪᠦᠷᠢᠯᠡᠬᠦ ᠨᠢ ︽ᠬᠤᠶᠠᠷ ᠲᠠᠯ᠎ᠠ ᠶᠢᠨ ᠠᠵᠢᠯ ︾ ᠢ ᠪᠦᠳᠦᠮᠵᠢᠳᠡᠢ ᠠᠬᠢᠭᠤᠯᠬᠤ ᠶᠢᠨ ᠪᠣᠰᠣᠳᠴᠢ ᠱᠠᠭᠠᠷᠳᠠᠯᠭ᠎ᠠ ᠪᠣᠯᠬᠤ ᠶᠣᠮ᠃                                 ︵︽ᠦᠪᠦᠷ ᠮᠤᠩᠭᠤᠯ ᠤᠨ ᠡᠳᠦᠷ ᠤᠨ ᠰᠤᠨᠢᠨ︾ ᠠᠴᠠ︶
ᠢᠷᠡᠯᠲᠡ᠄ ᠣᠷᠳᠣᠰ ᠮᠣᠩᠭᠤᠯ ᠰᠦᠯᠵᠢᠶ᠎ᠡ