ᠬᠢᠶ᠎ᠠ ᠪᠠᠭᠰᠢ ︽ᠭᠡᠷᠡᠴᠢᠯᠡᠯ ᠥᠬᠡᠶ ᠬᠤᠲᠠ︾ ᠶᠢᠨ ᠲᠡᠮᠳᠡᠭ ᠢ ᠪᠣᠶ ᠪᠣᠯᠭᠠᠵᠤ ᠶᠢ ᠲᠠᠰᠤᠷᠠᠯᠲᠠ ᠥᠬᠡᠶ  ᠭᠦᠨᠵᠡᠭᠡᠶᠢᠷᠡᠭᠦᠯᠪᠡ
ᠨᠡᠶᠢᠲᠡᠯᠡᠭᠰᠡᠨ ᠴᠠᠭ᠄
2025/2/27
       ᠬᠢᠶ᠎ᠡ ᠪᠠᠭᠰᠢ ᠲᠣᠭᠤᠷᠢᠭ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠩᠬᠠᠳᠠᠭᠴᠢ ︽ᠭᠡᠷᠡᠴᠢᠯᠡᠯ ᠥᠬᠡᠶ ᠬᠤᠲᠠ︾ ᠶᠢ ᠲᠤᠷᠰᠢᠨ ᠬᠡᠷᠡᠭᠯᠡᠬᠦ ᠬᠤᠰᠢᠭᠤᠴᠢ ᠣᠷᠣᠨ ᠪᠣᠯᠤᠭᠰᠠᠨ ᠤ ᠬᠤᠪᠢ ᠳᠤ᠂ ᠰᠠᠨᠠᠭᠠᠴᠢᠯᠠᠭ᠎ᠠ ᠠᠴᠠ ᠪᠠᠨ ︽ᠭᠡᠷᠡᠴᠢᠯᠡᠯ ᠥᠬᠡᠶ ᠬᠤᠲᠠ︾ ᠶᠢᠨ ᠬᠡᠷᠡᠭᠯᠡᠭᠡᠨ ᠤ ᠰᠢᠰᠲ᠋ᠧᠮ ᠢ ᠰᠢᠨ᠎ᠡ ᠪᠠᠷ ᠡᠭᠦᠳᠦᠨ ᠰᠤᠳᠤᠯᠤᠨ ᠨᠡᠭᠡᠭᠡᠵᠦ᠂ ᠶᠠᠷᠰᠢᠭ ᠲᠦᠪᠡᠭᠲᠡᠶ ᠭᠡᠷᠡᠴᠢᠯᠡᠬᠦ ᠵᠦᠢᠯᠡᠰ ᠢ ᠪᠥᠬᠦ ᠲᠠᠯ᠎ᠠ ᠪᠠᠷ ᠡᠮᠬᠢᠯᠡᠨ ᠳᠢᠭᠯᠡᠵᠦ᠂ 144 ᠵᠦᠢᠯ ᠤᠨ ᠭᠡᠷᠡᠴᠢᠯᠡᠬᠦ ᠵᠦᠢᠯᠡᠰ ᠂ 193 ᠵᠦᠢᠯ ᠤᠨ ᠭᠡᠷᠡᠴᠢᠯᠡᠬᠦ ᠮᠠᠲ᠋ᠧᠷᠢᠶᠠᠯ ᠢ ᠲᠤᠰᠢᠶᠠᠬᠤ ᠬᠡᠷᠡᠭ ᠥᠬᠡᠶ ᠪᠣᠯᠭᠠᠨ᠂ ᠬᠦᠴᠦᠨ ᠦᠭᠡᠢ ᠪᠣᠯᠭᠠᠬᠤ᠂ ᠠᠮᠠᠯᠠᠯᠲᠠ ᠪᠠᠷ ᠮᠡᠳᠡᠭᠳᠡᠬᠦ᠂  ᠰᠠᠯᠠᠭ᠎ᠠ ᠮᠥᠴᠢᠷ ᠬᠢᠨᠠᠨ ᠰᠢᠯᠭᠠᠬᠤ᠂  ᠰᠦᠯᠵᠢᠶᠡᠨ ᠳᠡᠭᠡᠷ᠎ᠡ ᠭᠤᠶᠤᠴᠢᠯᠠᠭᠰᠠᠨ ᠢ ᠮᠡᠳᠡᠭᠳᠡᠬᠦ ᠵᠡᠷᠭᠡ ᠣᠯᠠᠨ ᠵᠦᠢᠯ ᠤᠨ ᠠᠷᠭ᠎ᠠ ᠬᠡᠮᠵᠢᠶ᠎ᠡ  ᠪᠠᠷ ᠠᠵᠢᠯ ᠶᠠᠪᠤᠳᠠᠯ ᠭᠦᠢᠴᠡᠳᠭᠡᠬᠦ ᠵᠠᠮ ᠢ ᠰᠠᠭᠠᠳ ᠥᠬᠡᠶ ᠪᠣᠯᠭᠠᠪᠠ᠃       ︽ᠭᠡᠷᠡᠴᠢᠯᠡᠯ ᠥᠬᠡᠶ ᠬᠤᠲᠠ︾ ᠶᠢᠨ ᠬᠡᠷᠡᠭᠯᠡᠭᠡᠨ ᠤ ᠰᠢᠰᠲ᠋ᠧᠮ ᠢ ᠰᠤᠳᠤᠯᠤᠨ ᠨᠡᠭᠡᠭᠡᠭᠰᠡᠨ ᠨᠢ ᠨᠠᠩ ᠴᠤ ᠬᠢᠶ᠎ᠠ ᠪᠠᠭᠰᠢ ᠲᠣᠭᠤᠷᠢᠭ ᠤᠨ ᠣᠶᠤᠨᠴᠢ ᠦᠢᠯᠡᠴᠢᠯᠡᠭᠡᠨ ᠤ ᠭᠤᠣᠯᠳᠠᠯᠭ᠎ᠠ ᠪᠣᠯᠬᠤ ᠪᠠᠷ ᠪᠠᠷᠠᠬᠤ ᠦᠭᠡᠢ ᠪᠠᠰᠠ ︽ᠮᠥᠩᠬᠡ ᠰᠤᠪᠠᠭ︾ APP ᠵᠡᠷᠭᠡ ᠲᠠᠪᠴᠠᠩ ᠲᠠᠢ ᠬᠤᠯᠪᠣᠯᠳᠤᠨ ᠨᠡᠪᠲᠡᠷᠡᠯᠴᠡᠵᠦ ᠪᠠᠶᠢᠨ᠎ᠠ ᠃ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠥᠪᠡᠰᠦᠪᠡᠨ ᠦᠢᠯᠡᠴᠢᠯᠡᠬᠦ‍ ᠨᠢᠭᠡ ᠴᠣᠭᠴᠠᠲᠤ ᠮᠠᠰᠢᠨ ᠢ ᠣᠷᠣᠭᠤᠯᠤᠨ  ᠠᠪᠴᠢᠷᠠᠭᠰᠠᠨ ᠨᠢ ᠣᠯᠠᠨ ᠲᠦᠮᠡᠨ ᠢ ︽ᠣᠯᠠᠨ ᠭᠠᠵᠠᠷ ᠲᠤ ᠬᠦᠶᠥᠬᠦ︾ ︽ᠪᠤᠴᠠᠵᠤ ᠬᠦᠶᠥᠬᠦ︾ ᠶᠢᠨ ᠲᠥᠯᠥᠭᠡ ᠪᠤᠬᠢᠨᠢᠳᠤᠭᠤᠯᠬᠤ ᠦᠭᠡᠢ ᠪᠣᠯᠭᠠᠵᠠᠢ ᠃ ᠣᠲᠣ ᠪᠣᠯᠲᠠᠯ᠎ᠠ᠂ ᠲᠣᠰ ᠰᠢᠰᠲ᠋ᠧᠮ ᠨᠢ ᠠᠵᠤ ᠠᠬᠤᠶᠢᠯᠠᠯ  ᠪᠠ ᠣᠯᠠᠨ ᠲᠦᠮᠡᠨ ᠳᠤ 31355 ᠬᠤᠪᠢ ᠣᠳᠠᠭᠠᠨ ᠤ ᠭᠡᠷᠡᠴᠢ ᠮᠠᠲ᠋ᠧᠷᠢᠶᠠᠯ ᠢ ᠬᠠᠰᠤᠵᠤ ᠬᠡᠯᠳᠦᠷᠢᠭᠦᠯᠦᠨ᠂ 3017 ᠬᠤᠪᠢ ᠣᠳᠠᠭᠠᠨ ᠤ ᠭᠡᠷᠡᠴᠢ ᠮᠠᠲ᠋ᠧᠷᠢᠶᠠᠯ ᠢ ᠰᠢᠭᠤᠳ ᠬᠦᠴᠦᠨ ᠦᠭᠡᠢ ᠪᠣᠯᠭᠠᠵᠤ᠂ ᠠᠮᠠᠯᠠᠯᠲᠠ ᠶᠢᠨ ᠭᠡᠷᠡᠴᠢ ᠮᠠᠲ᠋ᠧᠷᠢᠶᠠᠯ ᠢ 30 ᠬᠤᠪᠢ ᠣᠳᠠᠭᠠᠨ ᠤ ᠮᠡᠳᠡᠭᠳᠡᠭᠡᠨ᠂ 28308 ᠬᠤᠪᠢ ᠣᠳᠠᠭᠠᠨ ᠤ ᠭᠡᠷᠡᠴᠢ ᠮᠠᠲ᠋ᠧᠷᠢᠶᠠᠯ ᠢ ᠰᠠᠯᠠᠭ᠎ᠠ ᠮᠥᠴᠢᠷ ᠠᠴᠠ ᠬᠠᠷᠭᠤᠭᠤᠯᠤᠨ ᠲᠣᠳᠣᠯᠠᠭᠰᠠᠨ ᠪᠠᠶᠢᠨ᠎ᠠ᠃       ᠬᠢᠶ᠎ᠠ ᠪᠠᠭᠰᠢ ᠲᠣᠭᠤᠷᠢᠭ ᠤᠨ ᠵᠠᠰᠠᠭ ᠤᠨ ᠶᠠᠪᠤᠳᠠᠯ ᠤᠨ ᠦᠢᠯᠡᠴᠢᠯᠡᠭᠡ ᠨᠢ ᠲᠣᠭᠤᠷᠢᠭ ᠤᠨ ᠲᠤᠰ ᠱᠠᠲᠤᠨ ᠳᠤ ᠵᠣᠭᠰᠣᠬᠤ ᠪᠠᠷ ᠪᠠᠷᠠᠬᠤ ᠦᠭᠡᠢ ᠨᠡᠩ ᠴᠤ ᠦᠨᠳᠦᠰᠦᠨ ᠱᠠᠲᠤᠨ ᠳᠤ ᠬᠦᠷᠲᠡᠯ᠎ᠡ ᠦᠷᠭᠦᠯᠵᠢᠯᠡᠪᠡ᠃ ᠣᠳᠣᠬᠠᠨ ᠳᠤ᠂ ᠪᠥᠬᠦ ᠲᠤᠭᠤᠷᠢᠭ ᠤᠨ 4 ᠵᠡᠭᠡᠯᠢ ᠭᠤᠳᠤᠮᠵᠢ᠂ 19 ᠨᠡᠶᠢᠭᠡᠮ ᠲᠣᠭᠤᠷᠢᠭ᠂ 14 ᠰᠠᠯᠠᠭ᠎ᠠ ᠮᠥᠴᠢᠷ ᠤᠨ 110 ᠠᠵᠢᠯᠲᠠᠨ ᠴᠥᠮ ᠰᠢᠰᠲ᠋ᠧᠮ ᠲᠠᠢ ᠪᠣᠯᠪᠠᠰᠤᠷᠠᠭᠤᠯᠤᠯ ᠬᠢᠵᠦ᠂ ︽ᠭᠡᠷᠡᠴᠢᠯᠡᠯ ᠥᠬᠡᠶ ᠬᠤᠲᠠ︾ ᠶᠢᠨ ᠬᠡᠷᠡᠭᠯᠡᠭᠡᠨ ᠤ ᠰᠢᠰᠲ᠋ᠧᠮ ᠤᠨ ᠭᠠᠷ ᠤᠨ ᠥᠰᠥᠭ ᠵᠢᠷᠤᠵᠤ ᠲᠠᠮᠠᠭ᠎ᠠ ᠳᠠᠷᠤᠬᠤ ᠨᠣᠮᠧᠷ ᠢ  ᠨᠡᠭᠡᠭᠡᠨ ᠂ ᠰᠢᠰᠲ᠋ᠧᠮ ᠤᠨ ᠦᠢᠯᠡᠴᠢᠯᠡᠭᠡ ᠶᠢ ᠪᠥᠬᠦ ᠲᠠᠯ᠎ᠠ ᠪᠠᠷ ᠨᠡᠪᠲᠡᠷᠡᠭᠦᠯᠪᠡ᠃ ᠲᠣᠰ ᠦᠢᠯᠡᠴᠢᠯᠡᠭᠡ ᠨᠢ ᠵᠥᠪᠬᠡᠨ ᠦᠢᠯᠡᠴᠢᠯᠡᠭᠡᠨ ᠤ ᠦᠷᠭᠦᠯᠵᠢᠯᠡᠯ ᠪᠣᠯᠬᠤ ᠪᠠᠷ ᠪᠠᠷᠠᠬᠤ ᠥᠬᠡᠶ᠂ ᠨᠠᠩ ᠴᠤ ᠬᠢᠶ᠎ᠠ ᠪᠠᠭᠰᠢ ᠲᠣᠭᠤᠷᠢᠭ ᠤᠨ ︽ᠠᠷᠠᠳ ᠲᠦᠮᠡᠨ ᠢᠶᠠᠷ ᠭᠤᠤᠯ ᠪᠣᠯᠭᠠᠬᠤ︾ ᠬᠥᠭᠵᠢᠯᠲᠡ ᠶᠢᠨ ᠣᠶᠢᠯᠠᠭᠠᠭᠳᠠᠬᠤᠨ ᠤ ᠲᠤᠬᠠᠶ ᠠᠮᠢᠳᠤᠯᠢᠭ ᠲᠠᠶᠢᠯᠪᠤᠷᠢᠯᠠᠯᠲᠠ ᠮᠦᠨ᠃       ᠣᠳᠣᠬᠠᠨ ᠳᠤ᠂ ᠬᠢᠶ᠎ᠠ ᠪᠠᠭᠰᠢ ᠲᠣᠭᠤᠷᠢᠭ ᠤᠨ ︽ᠭᠡᠷᠡᠴᠢᠯᠡᠯ ᠦᠭᠡᠢ ᠬᠤᠲᠠ︾ ᠶᠢᠨ ᠪᠦᠲᠦᠭᠡᠨ ᠪᠠᠶᠢᠭᠤᠯᠤᠯᠲᠠ ᠨᠢᠭᠡᠨᠲᠡ ᠢᠯᠡᠳᠲᠡ ᠦᠷ᠎ᠡ ᠪᠦᠲᠦᠮᠵᠢ ᠣᠯᠣᠭᠰᠠᠨ ᠪᠠᠶᠢᠨ᠎ᠠ᠃ ᠥᠩᠭᠡᠷᠡᠭᠰᠡᠨ ᠤ  ᠶᠠᠷᠰᠢᠭ ᠲᠦᠪᠡᠭ ᠲᠠᠢ ᠭᠡᠷᠡᠴᠢ ᠪᠠᠷᠢᠮᠲᠠ ᠨᠢ ᠤᠳᠤ ᠨᠢᠭᠡᠨᠲᠡ ᠣᠷᠣ ᠦᠭᠡᠢ ᠠᠷᠢᠯᠵᠤ᠂ ᠤᠷᠲᠤ ᠤᠳᠠᠭᠠᠨ ᠬᠡᠷᠡᠭ ᠶᠠᠪᠤᠳᠠᠯ ᠢ ᠰᠢᠢᠳᠪᠦᠷᠢᠯᠡᠬᠦ ᠶᠠᠪᠤᠴᠠ ᠨᠢ ᠴᠥᠮ ᠳᠥᠭᠦᠮ ᠠᠪᠰᠠᠷᠬᠠᠨ ᠥᠨᠳᠥᠷ ᠪᠦᠲᠦᠮᠵᠢᠲᠡᠶ ᠪᠣᠯᠤᠭᠰᠠᠨ ᠪᠠᠶᠢᠨ᠎ᠠ᠃ ᠠᠵᠤ ᠠᠬᠤᠶᠢᠯᠠᠯ ᠢ ᠬᠦᠴᠦᠨ ᠦᠭᠡᠢ ᠪᠣᠯᠭᠠᠬᠤ ᠳᠤ ᠭᠠᠶᠢᠯᠢ ᠶᠢᠨ ᠭᠡᠷᠡᠴᠢ ᠶᠢ ᠳᠠᠭᠢᠵᠤ ᠢᠯᠭᠠᠷᠠᠭᠤᠯᠤᠨ ᠪᠤᠳᠤᠬᠤ ᠬᠡᠷᠡᠭ ᠦᠭᠡᠢ᠂ ᠣᠯᠠᠨ ᠲᠦᠮᠡᠨ ᠤᠴᠢᠷ ᠶᠠᠪᠤᠳᠠᠯ ᠰᠢᠢᠳᠪᠦᠷᠢᠯᠡᠬᠦ ᠳᠤ ᠳᠠᠭᠢᠵᠤ ᠨᠠᠰᠢ ᠴᠠᠰᠢ ᠭᠦᠶᠦᠯᠳᠦᠬᠦ ᠦᠭᠡᠢ ᠪᠣᠯᠵᠠᠢ᠃
01.jpg
02.jpg
ᠢᠷᠡᠯᠲᠡ᠄ ᠬᠢᠶ᠎ᠠ ᠪᠠᠭᠰᠢ ᠲᠣᠭᠤᠷᠢᠭ ᠤᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠣᠳᠠᠯ ᠤᠨ ᠮᠣᠩᠭᠤᠯ ᠬᠡᠯᠡᠨ ᠤ ᠰᠥᠯᠵᠢᠶ᠎ᠡ