ᠨᠠᠪᠴᠢᠨ ᠳᠤ ᠮᠡᠯᠳᠡᠭᠡᠨᠡᠭᠰᠡᠨ ᠰᠢᠭᠦᠳᠡᠷᠢ
ᠨᠡᠶᠢᠲᠡᠯᠡᠭᠰᠡᠨ ᠴᠠᠭ᠄
2024/9/18
      ᠨᠠᠪᠴᠢᠨ ᠳᠤ ᠮᠡᠯᠳᠡᠭᠡᠨᠡᠭᠰᠡᠨ ᠰᠢᠭᠦᠳᠡᠷᠢ ᠶᠢ ᠬᠠᠷᠠᠬᠤ ᠲᠤᠰᠤᠮ ᠵᠢᠷᠦᠬᠡᠨ ᠳᠤ ᠬᠤᠨᠤᠭᠰᠢᠭᠰᠠᠨ ᠬᠠᠨᠢ ᠨᠦᠬᠦᠷ ᠮᠢᠨᠢ ᠰᠠᠨᠠᠭᠳᠠᠭᠠᠳ ᠪᠠᠶᠢᠨ᠎ᠠ᠃ ᠲᠡᠷᠡ ᠰᠢᠭᠦᠳᠡᠷᠢ ᠶᠢᠨ ᠲᠤᠰᠤᠯ ᠡᠯᠢᠭᠡ ᠵᠢᠷᠦᠬᠡ ᠪᠠᠨ ᠬᠤᠯᠪᠤᠭᠰᠠᠨ ᠬᠠᠨᠢ ᠶᠢᠨ ᠮᠢᠨᠢ ᠬᠤᠶᠠᠷ ᠨᠢᠳᠦ ᠰᠢᠭ ᠲᠤᠷᠮᠤᠯᠵᠠᠨ᠎ᠠ᠃ ᠴᠢᠮ᠎ᠠ ᠳᠤ ᠦᠯᠡᠳᠡᠭᠡᠭᠰᠡᠨ ᠬᠠᠶᠢᠷ᠎ᠠ ᠮᠢᠨᠢ ᠦᠰᠦᠨ ᠳᠤ ᠲᠡᠮᠳᠡᠭᠰᠢᠵᠦ ᠪᠤᠭᠤᠷᠤᠯᠳᠤᠯ᠎ᠠ᠃ ᠬᠠᠶᠢᠷ᠎ᠠ ᠶᠢᠨ ᠬᠠᠶᠢᠷ᠎ᠠ ᠳᠤ ᠲᠠᠳᠠᠭᠳᠠᠵᠤ ᠪᠡᠶ᠎ᠡ ᠦᠳᠡᠯᠦᠯ᠎ᠡ᠃      ᠤᠷᠴᠢᠯᠠᠩ ᠤᠨ ᠵᠢᠮ᠎ᠡ ᠪᠠᠷ ᠤᠨ ᠤ ᠬᠦᠷᠳᠦ ᠶᠢᠨ ᠡᠷᠭᠢᠯᠳᠡ ᠳᠤ ᠡᠳᠦᠷ ᠬᠤᠨᠤᠭ ᠦᠩᠭᠡᠷᠡᠨ ᠲᠦᠷᠪᠡᠨ ᠤᠯᠠᠷᠢᠯ ᠰᠤᠯᠢᠭᠳᠠᠭᠰᠠᠭᠠᠷ ᠠᠭᠤᠯᠠ ᠲᠤᠯᠤᠭᠠᠳ ᠤᠨᠢᠶᠠᠷᠳᠤᠵᠤ ᠨᠠᠭᠤᠷ ᠪᠦᠷᠢᠳᠦ ᠮᠡᠯᠮᠡᠯᠵᠡᠨ ᠤᠰᠤᠨ ᠤ ᠰᠢᠪᠠᠭᠤᠳ ᠶᠢᠰᠦᠨ ᠬᠡᠯᠡ ᠪᠠᠷ ᠡᠭᠡᠰᠢᠭᠯᠡᠵᠦ ᠡᠪᠡᠰᠦ ᠨᠤᠭᠤᠭ᠎ᠠ ᠴᠤᠬᠤᠶᠢᠨ ᠴᠡᠴᠡᠭ ᠮᠤᠳᠤ ᠪᠠᠳᠮᠠᠯᠠᠨ ᠲᠡᠯᠭᠡᠷᠡᠵᠦ᠂ ᠨᠤᠭᠤᠭᠠᠨ ᠢᠶᠠᠷ ᠲᠤᠯᠬᠢᠶᠠᠯᠠᠬᠤ ᠬᠤᠷᠸ᠎ᠠ ᠳᠤ ᠵᠤᠨ ᠰᠠᠭᠠᠳᠠᠯ᠎ᠠ᠃ ᠪᠢ ᠴᠡᠴᠡᠭ ᠤᠨ ᠰᠤᠷᠭᠤᠭ ᠦᠨᠦᠷ ᠢ ᠲᠠᠭᠠᠵᠤ ᠴᠢᠮ᠎ᠠ ᠪᠠᠨ ᠤᠯᠠᠨ ᠦᠩᠭᠡ ᠪᠠᠷ ᠦᠯᠢᠭᠡᠷᠯᠡᠨ ᠪᠤᠳᠤᠪᠠ᠃ ᠬᠠᠨᠢ ᠨᠦᠬᠦᠷ ᠮᠢᠨᠢ ᠶᠢᠰᠦᠨ ᠬᠡᠯᠡ ᠪᠠᠷ ᠡᠭᠡᠰᠢᠭᠯᠡᠬᠦ ᠰᠢᠪᠠᠭᠤ ᠬᠤᠪᠢᠯᠤᠨ ᠲᠠᠭᠤᠯᠠᠵᠤ ᠪᠠᠶᠢᠨ᠎ᠠ ᠭᠡᠳ ᠲᠡᠷᠡ ᠰᠢᠪᠠᠭᠤᠳ ᠢ ᠦᠨᠡᠨ ᠵᠢᠷᠦᠬᠡᠨ ᠠᠴᠠ ᠪᠠᠨ ᠬᠠᠶᠢᠷᠠᠯᠠᠨ ᠬᠠᠮᠠᠭᠠᠯᠠᠨ᠎ᠠ᠃ ᠴᠢ ᠮᠢᠨᠢ ᠴᠡᠴᠡᠭ ᠤᠨ ᠲᠤᠮᠳᠠ ᠠᠮᠢᠯᠠᠵᠤ᠂ ᠴᠡᠴᠡᠭ ᠮᠡᠳᠦ ᠭᠤᠶᠤ ᠬᠡᠬᠡᠨᠴᠢᠷᠬᠡᠨ ᠬᠠᠷᠠᠭᠳᠠᠨ᠂ ᠮᠢᠨᠦ ᠵᠢᠷᠦᠬᠡᠨ ᠳᠤ ᠦᠨᠢᠳᠡ ᠠᠮᠢᠳᠤᠷᠠᠳᠠᠭ ᠡ᠃      ᠨᠠᠮ ᠵᠢᠮ ᠰᠦᠨᠢ ᠶᠢ ᠬᠦᠨᠳᠡᠵᠦ ᠰᠢᠯ ᠭᠡᠭᠡᠪᠴᠢᠨ ᠲᠡᠭᠡᠷ᠎ᠡ ᠰᠢᠪᠡᠷᠡᠭᠡ ᠬᠤᠷ᠎ᠠ ᠲᠤᠰᠤᠯᠠᠬᠤ ᠨᠢ ᠢᠷᠠᠭᠤᠬᠠᠨ ᠵᠦᠭᠡᠯᠡᠨ ᠠᠶ᠎ᠠ ᠲᠠᠢ ᠶᠠᠳᠤᠭ᠎ᠠ ᠶᠢᠨ ᠲᠠᠭᠤ ᠭᠡᠵᠦ ᠡ᠊ᠨᠳᠡᠭᠦᠷᠡᠮᠡᠷ᠂ ᠬᠤᠷ᠎ᠠ ᠶᠢᠨ ᠰᠢᠪᠡᠨᠡᠭᠡ ᠳᠤ ᠬᠦᠳᠦᠯᠦᠭᠳᠡᠵᠦ ᠬᠤᠯᠠ ᠤᠶᠢᠷ᠎ᠠ ᠶᠢ ᠪᠤᠳᠤᠭᠰᠠᠭᠠᠷ ᠨᠦᠢᠷ ᠢ ᠨᠤᠬᠠᠢ ᠲᠤᠯᠢᠶᠠᠭᠰᠠᠨ ᠰᠢᠬ ᠪᠦᠬᠦᠯᠢ ᠰᠦᠨᠢ ᠶᠢ ᠤᠨᠳᠠᠬᠤ ᠨᠦᠢᠷ ᠦᠭᠡᠢ ᠦᠩᠭᠡᠷᠡᠭᠡᠯ᠎ᠡ᠃ ᠦᠷᠯᠦᠭᠡ ᠡᠷᠳᠡ ᠪᠤᠰᠤᠭᠠᠳ ᠴᠤᠩᠬᠤ ᠪᠠᠨ ᠨᠡᠭᠡᠭᠡᠵᠦ ᠴᠡᠪᠡᠷ ᠠᠭᠠᠷ ᠠᠮᠢᠰᠬᠤᠯ ᠤᠷᠤᠭᠤᠯᠵᠤ ᠭᠠᠳᠠᠭᠰᠢ ᠰᠢᠷᠳᠡᠬᠦ ᠳᠤ ᠨᠠᠶᠢᠷᠠᠭ ᠲᠤ ᠤᠶᠠᠩᠭᠠᠷᠠᠭᠰᠠᠨ ᠠᠶᠢᠯ ᠤᠰᠤᠨ ᠤ ᠰᠦᠯᠳᠡ ᠪᠤᠯᠤᠭᠰᠠᠨ ᠱᠠᠩᠰᠢ ᠶᠢᠨ ᠮᠤᠳᠤ᠂ ᠠᠶᠢᠷᠠᠭ ᠲᠤ ᠠᠮᠢᠯᠠᠭᠰᠠᠨ ᠬᠠᠭ ᠤᠨ ᠨᠠᠭᠤᠷ ᠮᠢᠨᠢ ᠨᠤᠳᠤᠭ ᠤᠨ ᠬᠦᠮᠦᠨ ᠮᠦᠰᠦᠨ ᠳᠡᠭᠡᠨ ᠬᠡᠰᠢᠭ ᠬᠤᠷᠦ᠋ᠢᠯᠠᠵᠤ ᠬᠡᠶᠢᠮᠤᠷᠢ ᠲᠠᠯᠠᠯᠤᠨ᠎ᠠ᠃ ᠨᠠᠪᠳᠠᠭ ᠰᠠᠪᠳᠠᠭ ᠲᠠᠢ ᠡᠪᠦᠭᠡᠨ ᠱᠠᠩᠰᠢ᠂ ᠬᠠᠨᠢ ᠶᠢ ᠮᠢᠨᠢ ᠡᠭᠡᠭᠦᠯᠡᠨ ᠠᠪᠴᠢᠷᠠᠵᠤ ᠦᠭᠬᠦ ᠪᠤᠯᠪᠠ ᠤᠤ ᠭᠡᠵᠦ ᠮᠦᠷᠭᠦᠨ ᠵᠠᠯᠪᠠᠷᠢᠨ᠎ᠠ᠃      ᠨᠠᠮᠤᠭᠤᠬᠠᠨ ᠦᠷᠯᠦᠭᠡ ᠬᠦᠳᠡᠭᠡ ᠠᠶᠢᠯ ᠤᠨ ᠵᠡᠷᠭᠡᠴᠡᠨ ᠪᠠᠶᠢᠷᠢᠰᠢᠭᠰᠠᠨ ᠤᠯᠠᠭᠠᠨ ᠲᠤᠭᠤᠰᠬᠠᠨ ᠭᠡᠷ ᠤᠳ ᠤᠨ ᠬᠤᠯᠠᠩ ᠠᠴᠠ ᠤᠳᠤᠭ᠎ᠠ ᠰᠤᠭᠤᠨᠠᠭᠯᠠᠨ ᠮᠦᠩᠭᠡ ᠬᠦᠭᠡ ᠲᠡᠭᠷᠢ ᠶᠢᠨ ᠢᠪᠡᠭᠡᠭᠰᠡᠨ ᠬᠤᠷ᠎ᠠ ᠠᠴᠢᠶᠠᠯᠠᠭᠰᠠᠨ ᠡᠭᠦᠯᠡᠰ ᠲᠠᠢ ᠠᠮᠤᠷ ᠮᠡᠨᠳᠦ ᠡᠷᠢᠨ ᠵᠤᠯᠭᠠᠯᠴᠠᠨ᠎ᠠ᠃ ᠬᠤᠷ᠎ᠠ ᠠᠴᠢᠶᠠᠯᠠᠭᠰᠠᠨ ᠡᠭᠦᠯᠡᠰ ᠤᠨ ᠲᠤᠮᠳᠠ ᠠᠮᠠᠷᠠᠭ ᠬᠠᠨᠢ ᠮᠢᠨᠢ ᠴᠦ ᠪᠠᠶᠢᠬᠤ ᠶᠤᠮ ᠭᠡᠵᠦ ᠰᠠᠨᠠᠭ᠎ᠠ ᠠᠯᠳᠠᠨ ᠬᠤᠷᠮᠤᠰᠳᠠ ᠲᠡᠭᠷᠢ ᠦᠭᠡᠳᠡ ᠨᠢᠳᠦ ᠴᠠᠪᠴᠢᠯ ᠦᠭᠡᠢ ᠰᠢᠷᠳᠡᠨ᠎ᠡ᠃ ᠬᠠᠶᠠ ᠬᠠᠶᠠ ᠵᠦᠭᠡᠯᠡᠨ ᠰᠠᠯᠬᠢᠨ ᠬᠠᠴᠠᠷ ᠨᠢᠭᠤᠷ ᠢ ᠢᠯᠪᠢᠨ ᠦᠩᠭᠡᠷᠡᠬᠦ ᠳᠤ ᠨᠠᠮ᠎ᠠ ᠶᠢ ᠦᠵᠡᠬᠦ ᠪᠠᠷ ᠢᠷᠡᠭᠰᠡᠨ ᠪᠠᠶᠢᠬᠤ ᠭᠡᠵᠦ ᠪᠤᠳᠤᠨ᠎ᠠ᠃      ᠦᠳᠡᠰᠢ ᠶᠢᠨ ᠨᠠᠮ ᠰᠡᠯᠡᠬᠦᠭᠡᠨ ᠳᠤ ᠰᠤᠭᠤᠷᠠᠵᠤ ᠦᠰᠦᠭᠰᠡᠨ ᠪᠤᠯᠪᠠᠷᠠᠢ ᠵᠦᠭᠡᠯᠡᠨ ᠨᠠᠪᠴᠢᠨ ᠳᠤ ᠴᠡᠪᠡᠷ ᠲᠤᠩᠭᠠᠯᠠᠭ ᠰᠢᠭᠦᠳᠡᠷᠢ ᠮᠡᠯᠳᠡᠭᠡᠨᠡᠬᠦ ᠨᠢ ᠵᠢᠷ ᠵᠢᠷ ᠵᠢᠷᠭᠢᠬᠦ ᠪᠤᠯᠵᠤᠮᠤᠷ ᠤᠨ ᠨᠢᠳᠦ ᠰᠢᠭ ᠲᠤᠷᠮᠤᠯᠵᠠᠨ᠎ᠠ᠃ ᠲᠡᠷᠭᠡᠳᠡ ᠨᠢ ᠪᠠᠶᠢᠭ᠎ᠠ ᠬᠡᠳᠦᠨ ᠪᠤᠯᠵᠤᠮᠤᠷ ᠴᠦ ᠲᠤᠷᠮᠤᠯᠵᠠᠬᠤ ᠰᠢᠭᠦᠳᠡᠷᠢ ᠨᠢ ᠤᠮᠳᠠᠯᠠᠬᠤ ᠪᠠᠷ ᠬᠦᠵᠦᠭᠦᠤ ᠰᠡᠭᠡᠷ ᠭᠤᠵᠦ᠋ᠢᠯᠭᠠᠨ ᠬᠡᠨ ᠠᠯᠢᠨ ᠳᠠᠭᠠᠨ ᠴᠦ ᠬᠠᠶᠢᠷ᠎ᠠ ᠨᠠᠶᠢᠷ ᠲᠠᠯᠪᠢᠬᠤ ᠦᠭᠡᠢ ᠨᠠᠪᠴᠢᠰ ᠰᠡᠭᠰᠤᠷᠴᠤ ᠱᠤᠯᠤᠭᠠᠨᠠᠨ᠎ᠠ᠃ ᠬᠠᠨᠢ ᠶᠢᠨ ᠮᠢᠨᠢ ᠬᠠᠶᠢᠷ᠎ᠠ ᠲᠤᠶᠠᠭᠠᠷᠠᠭᠰᠠᠨ ᠬᠤᠣᠰ ᠠᠯᠠᠭ ᠨᠢᠳᠦ ᠨᠢ ᠲᠤᠷᠮᠤᠯᠵᠠᠬᠤ ᠰᠢᠬ ᠬᠠᠯᠠᠭᠤᠨ ᠲᠤᠯᠠᠭᠠᠬᠠᠨ ᠰᠠᠨᠠᠭᠳᠠᠬᠤ ᠲᠤᠯᠠ ᠪᠢ ᠴᠦ ᠲᠡᠷᠡ ᠬᠡᠳᠦᠨ ᠪᠤᠯᠵᠤᠮᠤᠷ ᠠᠴᠠ ᠵᠠᠪᠳᠤᠨ ᠮᠦᠩᠭᠦᠨ ᠰᠢᠭᠦᠳᠡᠷᠢ ᠶᠢ ᠵᠢᠷᠦᠬᠡ ᠰᠡᠳᠭᠢᠯ ᠳᠡᠭᠡᠨ ᠠᠭᠤᠰᠬᠠᠬᠤ ᠪᠠᠷ ᠴᠢᠷᠮᠠᠶᠢᠨ᠎ᠠ᠃ ᠨᠠᠪᠴᠢᠨ ᠳᠤ ᠮᠡᠯᠳᠡᠭᠡᠨᠡᠭᠰᠡᠨ ᠰᠢᠭᠦᠳᠡᠷᠢ ᠶᠢ ᠭᠠᠭᠴᠠᠭᠠᠷ ᠢᠶᠠᠨ ᠦᠵᠡᠭᠰᠡᠭᠡᠷ ᠠᠷᠪᠠᠨ ᠵᠢᠯ ᠢ ᠦᠩᠭᠡᠷᠡᠭᠦᠯᠴᠢᠭᠡᠯ᠎ᠡ᠃ ᠵᠢᠯ ᠵᠢᠯ ᠤᠨ ᠵᠤᠨ ᠢ ᠡᠷᠳᠡᠬᠡᠨ ᠢᠷᠡᠭᠡᠰᠡᠢ ᠭᠡᠵᠦ ᠬᠦᠰᠡᠨ ᠮᠦᠷᠦᠭᠡᠳᠦᠨ᠎ᠡ ᠁      ᠠᠶᠢᠯ ᠰᠠᠭᠠᠬᠠᠯᠳᠠ ᠪᠠᠷ ᠢᠶᠠᠨ ᠨᠢᠭᠡ ᠡᠳᠦᠷ ᠤᠨ ᠠᠵᠢᠯ ᠢᠶᠠᠨ ᠡᠬᠢᠯᠡᠭᠦᠯᠵᠦ ᠰᠠᠭᠤᠳᠠᠯ ᠦᠭᠡᠢ ᠶᠠᠭᠠᠷᠠᠯᠳᠤᠨ᠎ᠠ᠃ ᠬᠦᠳᠡᠯᠮᠦᠷᠢ ᠬᠦᠮᠦᠨ ᠢ ᠭᠤᠮᠤᠳᠠᠭᠠᠳᠠᠭ ᠦᠭᠡᠢ ᠭᠡᠳᠡᠭ ᠢᠶᠠᠷ ᠬᠦᠳᠡᠯᠮᠦᠷᠢᠴᠢᠨ ᠲᠦᠮᠡᠨ ᠤ ᠬᠦᠯᠦᠰᠦᠨ ᠲᠤᠰᠤᠯ ᠤᠨ ᠬᠠᠷᠢᠭᠤ ᠳᠤ ᠲᠠᠪᠤᠨ ᠬᠤᠰᠢᠭᠤ ᠮᠠᠯ ᠨᠢ ᠲᠠᠷᠭᠤ ᠬᠦᠴᠦ ᠲᠠᠢ ᠦᠨᠢᠷ ᠦᠰᠦᠭᠡᠳ ᠮᠠᠯᠴᠢᠨ ᠲᠦᠮᠡᠨ ᠳᠤ ᠪᠠᠶᠠᠷ ᠪᠠᠶᠠᠰᠤᠯ ᠬᠦᠷᠭᠡᠵᠦ ᠠᠵᠢᠯ ᠤᠨ ᠶᠠᠳᠠᠷᠠᠭ᠎ᠠ ᠶᠢ ᠨᠢ ᠲᠠᠶᠢᠯᠤᠨ᠎ᠠ᠃ ᠡᠨᠡ ᠨᠢ ᠦᠩ ᠡᠯᠪᠡᠭ ᠵᠤᠨ ᠪᠤᠯᠬᠤ ᠶᠢᠨ ᠪᠡᠯᠭᠡ ᠲᠡᠮᠪᠡᠷᠡᠯ ᠪᠠᠶᠢᠬᠤ ᠡ᠃ ᠤᠯᠠᠨ ᠤ ᠡᠶᠢᠮᠦ ᠪᠠᠶᠠᠷ ᠬᠦᠷ ᠲᠠᠢ ᠠᠮᠢᠳᠤᠷᠠᠵᠤ ᠪᠠᠶᠢᠬᠤ ᠶᠢ ᠦᠵᠡᠭᠡᠳ ᠮᠢᠨᠦ ᠠᠮᠠᠷᠠᠭ ᠬᠠᠨᠢ ᠪᠠᠶᠢᠭᠰᠠᠨ ᠪᠤᠯ ᠪᠢᠳᠡ ᠪᠠᠰᠠ ᠤᠯᠠᠨ ᠲᠠᠢ ᠠᠳᠠᠯᠢ ᠪᠠᠶᠠᠷ ᠵᠢᠷᠭᠠᠯᠳᠠᠢ ᠠᠮᠢᠳᠤᠷᠠᠬᠤ ᠶᠤᠮ ᠭᠡᠵᠦ ᠵᠤᠪᠠᠵᠤ ᠭᠤᠳᠤᠷᠠᠨ᠎ᠠ᠃ ᠪᠢ ᠬᠠᠨᠢ ᠨᠦᠬᠦᠷ ᠲᠠᠢ ᠪᠠᠨ ᠪᠠᠶᠢᠭᠰᠠᠨ ᠲᠡᠷᠡ ᠵᠢᠯ ᠤᠳ ᠲᠤ ᠮᠦᠨ ᠯᠠ ᠦᠩ ᠡᠯᠪᠡᠭ ᠪᠦᠭᠡᠳ ᠪᠦᠬᠦ ᠭᠡᠷ ᠢᠶᠠᠷ ᠢᠶᠠᠨ ᠡᠶ᠎ᠡ ᠨᠠᠶᠢᠷᠰᠠᠭ ᠠᠳᠠᠯ ᠤᠨᠳᠤᠷᠤᠯᠭ᠎ᠠ ᠪᠠᠨ ᠭᠢᠵᠦ ᠪᠠᠶᠢᠭᠰᠠᠨ ᠁      ᠤᠰᠤᠨ ᠡᠭᠦᠯᠡ ᠬᠦᠪᠦᠭᠰᠡᠨ ᠮᠦᠩᠭᠡ ᠲᠡᠭᠷᠢ ᠶᠢᠨ ᠲᠡᠩᠨᠡᠢ ᠠᠴᠠ ᠰᠤᠪᠤᠳ ᠬᠡᠯᠬᠢᠶᠡᠷᠡᠭᠰᠡᠨ ᠰᠢᠭ ᠡᠮᠡᠭᠡ ᠶᠢᠨ ᠦᠨᠦᠷ ᠲᠠᠢ ᠬᠤᠷ᠎ᠠ ᠶᠢᠨ ᠲᠤᠰᠤᠯ ᠨᠢ ᠡᠬᠡ ᠶᠢᠨ ᠦᠨᠦᠷ ᠲᠠᠢ ᠨᠤᠳᠤᠭ ᠤᠨ ᠬᠦᠷᠦᠰᠦᠨ ᠳᠤ ᠲᠤᠰᠤᠯᠠᠨ ᠰᠢᠪᠡᠷᠡᠨ᠎ᠡ᠃ ᠡᠨᠡ ᠬᠦᠷᠦᠰᠦᠨ ᠳᠤ ᠴᠢ ᠮᠢᠨᠢ ᠪᠠᠰᠠ ᠬᠦᠳᠡᠯᠮᠦᠷᠢ ᠶᠢᠨ ᠦᠨᠦᠷ ᠢᠶᠠᠨ ᠰᠢᠩᠭᠡᠭᠡᠭᠰᠡᠨ ᠶᠤᠮ᠃ ᠪᠢ ᠬᠤᠯᠠ ᠶᠢᠨ ᠲᠡᠷᠡ ᠲᠠᠨᠢᠬᠤ ᠦᠭᠡᠢ ᠶᠢᠷᠳᠢᠨᠴᠤ ᠳᠤ ᠶᠠᠪᠤᠭᠰᠠᠨ ᠬᠠᠨᠢ ᠨᠦᠬᠦᠷ ᠲᠡᠭᠡᠨ ᠤᠰᠤᠯᠳᠠᠬᠤ ᠦᠭᠡᠢ ᠭᠡᠵᠦ᠂ ᠡᠷᠦᠭᠡ ᠭᠡᠷ ᠢᠶᠠᠨ ᠦᠭᠡᠳᠡ ᠲᠠᠳᠠᠵᠤ ᠦᠨᠦᠴᠢᠨ ᠬᠤᠶᠠᠷ ᠬᠡᠦᠬᠡᠳ ᠢᠶᠠᠨ ᠬᠦᠮᠦᠨ ᠪᠤᠯᠭᠠᠬᠤ ᠪᠠᠷ ᠠᠮᠢ ᠲᠡᠮᠡᠴᠡᠨ ᠠᠵᠢᠯᠯᠠᠨ᠎ᠠ᠃      ᠡ᠊ᠩ ᠶᠡᠷᠦᠮᠳᠡᠭ ᠬᠤᠪᠴᠠᠰᠤ ᠪᠠᠨ ᠲᠡᠷᠢ ᠲᠡᠭᠰᠢ ᠡᠮᠦᠰᠦᠭᠰᠡᠨ ᠬᠠᠨᠢ ᠮᠢᠨᠢ ᠬᠠᠰᠢᠶ᠎ᠠ ᠰᠠᠷᠠᠪᠴᠢᠨ ᠳᠠᠭᠠᠨ ᠦᠨᠢᠶ᠎ᠡ ᠰᠠᠭᠠᠵᠤ ᠰᠠᠭᠤᠯᠠᠭ᠎ᠠ ᠲᠦᠭᠦᠷᠡᠩ ᠰᠦ ᠬᠦᠭᠡᠰᠦᠷᠡᠭᠦᠯᠦᠨ ᠮᠠᠩᠨᠠᠢ ᠲᠡᠨ᠋ᠶᠢᠨ ᠮᠡᠯᠮᠡᠢ ᠮᠡᠯᠮᠡᠷᠡᠭᠦᠯᠦᠨ ᠬᠦᠯᠦᠰᠦ ᠲᠤᠰᠤᠯᠭᠠᠵᠤ ᠪᠠᠶᠠᠷ ᠪᠠᠶᠠᠰᠤᠯ ᠲᠠᠢ ᠴᠢᠷᠠᠢ ᠢᠯᠡᠷᠡᠭᠦᠯᠬᠦ ᠳᠤ ᠬᠠᠵᠠᠭᠤ ᠠᠴᠠ ᠨᠢ ᠴᠠᠳᠳᠠᠯ᠎ᠠ ᠬᠦᠬᠦᠭᠰᠡᠨ ᠲᠤᠭᠤᠯ ᠤᠳ ᠡ᠊ᠩᠭᠡᠷ ᠬᠤᠷᠮᠤᠢ ᠶᠢ ᠨᠢ ᠲᠤᠯᠢᠶᠠᠨ ᠲᠤᠭᠯᠠᠯᠳᠤᠵᠤ ᠪᠠᠶᠢᠭᠰᠠᠨ ᠨᠢ ᠤᠳᠤ ᠪᠤᠯᠳᠠᠯ᠎ᠠ ᠨᠢᠳᠦᠨ ᠳᠤ ᠦᠵᠡᠭᠳᠡᠨ ᠦᠪᠡᠷ ᠤᠨ ᠡᠷᠭᠡ ᠦᠭᠡᠢ ᠡᠯᠢᠭᠡ ᠵᠢᠷᠦᠭᠡ ᠲᠠᠳᠠᠯᠳᠤᠭᠠᠳ ᠪᠠᠶᠢᠨ᠎ᠠ᠃    ᠦᠩᠭᠡᠷᠡᠭᠰᠡᠨ ᠤᠨ ᠵᠢᠯ ᠤᠳ ᠲᠤ ᠠᠪᠤ ᠡᠵᠢ ᠭᠡᠳ ᠭᠡᠷ ᠲᠡᠭᠡᠨ ᠵᠦᠭᠡᠷ ᠠᠮᠠᠷᠠᠵᠤ ᠰᠠᠭᠤᠭᠰᠠᠨ ᠦᠭᠡᠢ᠃ ᠠᠪᠤ ᠨᠠᠮ᠎ᠠ ᠶᠢ ᠬᠠᠮᠵᠢᠨ ᠬᠠᠰᠢᠶ᠎ᠠ ᠬᠦᠷᠢᠶ᠎ᠡ ᠴᠡᠪᠡᠷᠯᠡᠵᠦ᠂ ᠤᠨᠤᠭ᠎ᠠ ᠮᠠᠯ ᠳᠤ ᠡᠪᠡᠰᠦ ᠪᠤᠷᠳᠤᠭ᠎ᠠ ᠨᠡᠮᠡᠨ᠂ ᠵᠢᠭᠠᠬᠠᠨ ᠵᠠᠪ ᠴᠢᠯᠦᠭᠡ ᠭᠠᠷᠪᠠᠯ ᠨᠤᠭᠤᠭᠠᠨ ᠬᠠᠰᠢᠶᠠᠨ ᠳᠤ ᠤᠷᠤᠵᠤ ᠵᠢᠷᠭᠤᠭᠠᠨ ᠬᠦᠮᠦᠨ ᠠᠮᠠ ᠶᠢᠨ ᠡᠳᠦᠷ ᠤᠨ ᠢᠳᠡᠬᠦ ᠨᠤᠭᠤᠭ᠎ᠠ ᠴᠠᠭ᠎ᠠ ᠶᠢ ᠲᠠᠷᠢᠵᠤ ᠠᠷᠠᠴᠢᠯᠠᠨ᠎ᠠ᠃ ᠡᠵᠢ ᠰᠦ ᠲᠠᠢ ᠴᠠᠢ ᠪᠤᠴᠠᠯᠭᠠᠵᠤ ᠤᠮᠪᠤᠯᠤ ᠲᠤᠮᠪᠤᠯᠤ ᠳᠠᠭᠠᠨ ᠦᠷᠯᠦᠭᠡ ᠶᠢᠨ ᠬᠤᠭᠤᠯᠠ ᠶᠢ ᠨᠢ ᠢᠳᠡᠭᠦᠯᠵᠦ ᠰᠤᠷᠭᠠᠭᠤᠯᠢ ᠳᠤᠨᠢ ᠬᠦᠷᠭᠡᠵᠦ ᠶᠠᠭᠠᠷᠠᠨ᠎ᠠ᠃ ᠲᠡᠷᠡ ᠦᠶ᠎ᠡ ᠳᠤ ᠦᠳᠡᠯᠦᠭᠡ ᠵᠠᠯᠠᠭᠤ ᠦᠷᠪᠡᠭᠡ ᠴᠤᠷᠪᠠᠭ᠎ᠠ ᠲᠠᠢ ᠪᠠᠨ ᠦᠨᠡᠭᠡᠷ ᠪᠠᠶᠠᠷ ᠵᠢᠷᠭᠠᠯᠳᠠᠢ ᠠᠮᠢᠳᠤᠷᠠᠵᠤ ᠪᠠᠶᠢᠭᠰᠠᠨ ᠁     ᠲᠡᠶᠢᠮᠦ ᠰᠠᠶᠢᠬᠠᠨ ᠰᠡᠳᠭᠢᠯ ᠲᠠᠭᠠᠷᠠᠨ ᠠᠮᠢᠳᠤᠷᠠᠵᠤ ᠪᠠᠶᠢᠭᠰᠠᠨ ᠭᠡᠷ ᠪᠦᠯᠢ ᠳᠤ ᠭᠡᠨᠡᠳᠳᠡ ᠵᠤᠯ ᠪᠤᠰᠤ ᠤᠴᠢᠷ ᠲᠤᠬᠢᠶᠠᠯᠳᠤᠯ᠎ᠠ᠃ ᠬᠠᠨᠢ ᠮᠢᠨᠢ ᠭᠡᠨᠡᠳᠳᠡ ᠶᠢᠨ ᠡᠪᠡᠳᠴᠢᠨ ᠢᠶᠠᠷ ᠤᠷᠴᠢᠯᠠᠩ ᠠᠴᠠ ᠦᠨᠢᠳᠡ ᠰᠠᠯᠵᠤ ᠪᠢᠳᠡᠨ ᠢ ᠬᠠᠶᠠᠭᠠᠳ ᠶᠠᠪᠤᠴᠢᠬᠠᠯ᠎ᠠ᠃ ᠲᠡᠷᠡ ᠵᠢᠯ ᠠᠴᠠ ᠡᠬᠢᠯᠡᠨ ᠭᠤᠨᠢᠭ ᠵᠦᠳᠡᠭᠦᠷᠢᠳᠡᠢ ᠠᠮᠢᠳᠤᠷᠠᠯ ᠤᠨ ᠪᠤᠷᠤ ᠲᠤᠭᠤᠰᠤᠨ ᠳᠤ ᠠᠳᠠᠯ ᠤᠨᠳᠤᠷᠤᠯᠭ᠎ᠠ ᠭᠡᠳ ᠮᠠᠯᠠᠭᠠᠢ ᠪᠠᠨ ᠠᠪᠤᠪᠠᠯ ᠡᠵᠢ᠂ ᠮᠠᠯᠠᠭᠠᠢ ᠪᠠᠨ ᠡᠮᠦᠰᠪᠡᠯ ᠠᠪᠤ ᠪᠤᠯᠵᠤ ᠬᠠᠷ᠎ᠠ ᠪᠤᠷᠤ ᠠᠵᠢᠯ ᠢ ᠬᠠᠨᠳᠠᠯ᠎ᠠ ᠬᠢᠵᠦ᠂ ᠨᠢᠭᠡ ᠮᠡᠳᠡᠬᠦ ᠳᠤ ᠠᠷᠪᠠᠨ ᠵᠢᠯ ᠪᠤᠯᠴᠢᠬᠠᠯ᠎ᠠ᠃     ᠦᠷᠦᠴᠡ ᠵᠢᠷᠦᠬᠡᠨ ᠳᠤ ᠬᠤᠯᠪᠤᠭ᠎ᠠ ᠲᠠᠢ ᠬᠠᠨᠢ ᠮᠢᠨᠢ ᠠᠯᠮᠤᠷᠠᠳ ᠤᠨ ᠤᠯᠠᠭᠠᠨ ᠬᠠᠴᠠᠷ ᠲᠡᠭᠡᠷ᠎ᠡ ᠪᠠᠨ ᠤᠳᠠᠨ ᠨᠠᠪᠴᠢᠨ ᠬᠦᠮᠦᠰᠭᠡ ᠲᠠᠢ ᠬᠦᠢᠯᠡᠰᠦ ᠠᠳᠠᠯᠢ ᠬᠤᠶᠠᠷ ᠨᠢᠳᠦ ᠪᠠᠨ ᠲᠤᠷᠮᠤᠯᠵᠠᠭᠤᠯᠤᠨ ᠦᠳᠡᠯᠦᠭᠡ ᠨᠠᠰᠤᠳᠠᠨ ᠢᠶᠠᠨ ᠬᠦᠨᠳᠦᠯᠡᠨ ᠠᠰᠠᠷᠠᠵᠤ ᠦᠷ᠎ᠡ ᠬᠡᠦᠬᠡᠳ ᠢᠶᠠᠨ ᠦᠭᠦᠭᠡᠷᠳᠡᠨ ᠪᠦᠪᠠᠶᠢᠯᠡᠵᠦ᠂ ᠨᠠᠮ᠎ᠠ ᠶᠢ ᠬᠠᠪᠰᠤᠷᠤᠨ ᠠᠵᠢᠯ ᠬᠢᠵᠦ ᠪᠠᠶᠢᠭᠰᠠᠨ ᠤᠶᠢᠯᠡ ᠬᠦᠳᠡᠯᠦᠯ ᠴᠢᠨᠢ ᠰᠢᠩᠭᠡᠭᠡᠯᠳᠡ ᠶᠢᠨ ᠮᠠᠰᠢᠨ ᠳᠤ ᠲᠦᠷᠰᠦᠵᠢᠭᠰᠡᠨ ᠮᠡᠳᠦ ᠡᠯᠢᠭᠡ ᠵᠢᠷᠦᠬᠡᠨ ᠳᠤ ᠬᠤᠨᠤᠭᠰᠢᠨ ᠦᠵᠡᠬᠦ ᠨᠢᠳᠦᠨ ᠳᠤ ᠲᠤᠳᠤᠷᠠᠳᠠᠭ ᠪᠢᠯᠡ᠃ ᠴᠢ ᠮᠢᠨᠢ ᠬᠤᠶᠠᠷ ᠨᠢᠯᠬ᠎ᠠ ᠶᠢᠨ ᠢᠶᠠᠨ ᠲᠦᠯᠦᠭᠡ ᠪᠢᠳᠡᠭᠡᠢ ᠰᠠᠨᠠᠭᠠᠰᠢᠷᠠᠵᠤ ᠵᠤᠪᠠᠭᠠᠷᠠᠢ︕ ᠪᠢ ᠪᠠᠰᠠ ᠬᠦᠮᠦᠨ ᠤ ᠤᠷᠴᠢᠯᠠᠩ ᠳᠤ ᠠᠮᠢᠳᠤ ᠪᠠᠶᠢᠭᠰᠠᠭᠠᠷ ᠭᠡᠳᠡᠭ ᠢ ᠪᠠᠳᠤ ᠴᠡᠭᠡᠵᠢᠯᠡᠭᠡᠷᠡᠢ︕ ᠪᠢ ᠡᠨᠡ ᠠᠷᠪᠠᠨ ᠵᠢᠯ ᠳᠤ ᠬᠤᠶᠠᠷ ᠬᠡᠦᠬᠡᠳ ᠢᠶᠠᠨ ᠲᠤᠳᠤᠮᠳᠠᠨ ᠦᠰᠭᠡᠵᠦ ᠴᠢᠮ᠎ᠠ ᠳᠠᠭᠠᠨ ᠤᠰᠤᠯᠳᠠᠬᠤ ᠵᠦᠢᠯ ᠢ ᠬᠢᠭᠰᠡᠨ ᠦᠭᠡᠢ᠃ ᠬᠠᠨᠢ ᠮᠢᠨᠢ ᠡ᠂ ᠰᠡᠳᠭᠢᠯ ᠠᠮᠤᠷ ᠪᠤᠶᠠᠨ ᠵᠢᠷᠭᠠᠯ ᠡᠳ᠋ᠯᠡᠬᠦ ᠪᠠᠷ ᠲᠦᠷᠭᠡᠨ ᠢᠷᠡᠭᠡᠷᠡᠢ᠃ ᠲᠡᠷᠡ ᠯᠠ ᠡᠳᠦᠷ ᠠᠴᠠ ᠡᠬᠢᠯᠡᠨ ᠰᠡᠭᠡᠰᠭᠢᠵᠦ᠂ ᠰᠡᠳᠭᠢᠯ ᠢᠶᠠᠨ ᠬᠠᠳᠠᠭᠤᠵᠢᠭᠤᠯᠠᠨ ᠪᠤᠳᠤᠯ ᠢᠶᠠᠨ ᠴᠢᠩᠭᠠᠯᠠᠵᠤ ᠦᠳᠡᠯᠦᠭᠡ ᠠᠪᠤ ᠡᠵᠢ ᠲᠠᠢ ᠪᠠᠨ ᠭᠤᠷᠪᠠᠭᠤᠯᠠ ᠦᠨᠦᠴᠢᠨ ᠬᠤᠶᠠᠷ ᠨᠢᠯᠬ᠎ᠠ ᠪᠠᠨ ᠲᠤᠳᠤᠮᠳᠠᠨ ᠠᠮᠢᠳᠤᠷᠠᠯ ᠤᠨ ᠬᠠᠯᠠ ᠲᠠᠮᠤ ᠶᠢ ᠢᠯᠠᠨ ᠲᠠᠪᠠᠨ᠎ᠠ᠃ ᠬᠤᠶᠠᠷ ᠨᠢᠯᠬ᠎ᠠ ᠮᠢᠨᠢ ᠠᠩᠭᠠᠬᠠᠢ ᠠᠴᠠ ᠲᠡᠭᠳᠡᠭᠡᠭᠡᠢ ᠪᠤᠯᠵᠤ ᠲᠡᠷᠪᠡᠯᠵᠡᠨ ᠨᠢᠰᠬᠦ ᠬᠡᠮᠵᠢᠶᠡᠨ ᠳᠤ ᠬᠦᠷᠴᠦ ᠠᠵᠢᠯ ᠤᠨ ᠪᠠᠶᠢᠷᠢ ᠲᠠᠢ᠂ ᠠᠶᠢᠯ ᠭᠡᠷ ᠪᠤᠯᠵᠤ ᠰᠠᠶᠢᠬᠠᠨ ᠠᠮᠢᠳᠤᠷᠠᠵᠤ ᠡᠬᠢᠯᠡᠯ᠎ᠡ᠃     ᠪᠢ ᠦᠷ᠎ᠡ ᠬᠡᠦᠬᠡᠳ᠂ ᠬᠠᠨᠢ ᠨᠦᠬᠦᠷ ᠲᠡᠭᠡᠨ ᠤᠰᠤᠯᠳᠠᠭᠰᠠᠨ ᠦᠭᠡᠢ ᠶᠢᠨ ᠤᠴᠢᠷ ᠴᠡᠭᠡᠵᠢ ᠲᠡᠨᠢᠭᠡᠷ᠂ ᠨᠢᠷᠤᠭᠤ ᠭᠡᠳᠡᠭᠡᠷ ᠶᠠᠪᠤᠨ᠎ᠠ᠃ ᠨᠠᠷᠠᠨ ᠤ ᠠᠯᠳᠠᠨ ᠰᠠᠴᠤᠷᠠᠭ ᠬᠠᠨᠢ ᠶᠢᠨ ᠮᠢᠨᠢ ᠢᠨᠢᠶᠡᠳᠤ ᠮᠡᠳᠦ ᠢᠯᠴᠢ ᠠᠰᠬᠠᠷᠠᠬᠤ ᠪᠠᠷ ᠲᠤᠷᠠᠰᠤᠨ ᠰᠠᠨᠠᠭᠰᠠᠭᠠᠷ ᠪᠠᠶᠢᠵᠤ ᠲᠡᠷᠡ ᠦᠶ᠎ᠡ ᠶᠢᠨ ᠵᠤᠯ ᠵᠢᠷᠭᠠᠯᠳᠤ ᠠᠮᠢᠳᠤᠷᠠᠯ ᠳᠠᠭᠠᠨ ᠡᠷᠭᠢᠵᠦ ᠤᠴᠢᠮᠠᠷ ᠡ︕ ᠠᠯᠳᠠ ᠮᠦᠩᠭᠦ ᠪᠠᠷ ᠬᠦᠮᠦᠨ ᠤ ᠭᠠᠯ ᠬᠠᠯᠠᠭᠤᠨ ᠢᠨᠠᠭ ᠲᠤᠷᠠᠯᠠᠯ ᠲᠠᠢ ᠪᠠᠶᠠᠷ ᠴᠡᠩᠭᠡᠯᠳᠦ ᠠᠮᠢᠳᠤᠷᠠᠯ ᠢ ᠲᠦᠯᠦᠭᠡᠯᠡᠵᠦ ᠲᠡᠶᠢᠯᠬᠦ ᠦᠭᠡᠢ ᠶᠤᠮ ᠡ᠃ ᠦᠩᠭᠡᠷᠡᠭᠰᠡᠨ ᠲᠡᠷᠡ ᠵᠢᠯ ᠤᠳ ᠲᠤ ᠬᠡᠳᠦ᠋ᠢᠪᠡᠷ ᠠᠮᠢᠳᠤᠷᠠᠯ ᠬᠦᠴᠢᠷᠳᠡᠢ ᠵᠤᠭᠤᠰ ᠮᠦᠩᠬᠦ ᠠᠷᠪᠢᠨ ᠦᠭᠡᠢ ᠪᠤᠯᠪᠠᠴᠤ ᠦᠳᠡᠯᠦᠭᠡ ᠠᠪᠤ ᠡᠵᠢ ᠪᠠᠨ ᠬᠦᠨᠳᠦᠯᠡᠨ ᠠᠰᠠᠷᠠᠵᠤ᠂ ᠦᠷ᠎ᠡ ᠬᠡᠦᠬᠡᠳ ᠢᠶᠠᠨ ᠲᠤᠳᠤᠮᠳᠠᠨ ᠦᠰᠭᠡᠵᠦ ᠵᠢᠷᠭᠤᠭᠠᠨ ᠠᠮᠠ ᠪᠠᠷ ᠢᠶᠠᠨ ᠰᠡᠳᠭᠢᠯ ᠠᠮᠤᠷ ᠪᠠᠶᠠᠷ ᠪᠠᠶᠠᠰᠤᠯ ᠲᠠᠢ ᠠᠮᠢᠳᠤᠷᠠᠨ᠂ ᠶᠠᠮᠠᠷ ᠵᠡᠷᠭᠡ ᠶᠢᠨ ᠡᠳ᠋ ᠬᠦᠷᠦᠩᠭᠡ ᠲᠠᠢ ᠪᠠᠶᠠᠨ ᠠᠶᠢᠯ ᠠᠴᠠ ᠬᠤᠯᠠ ᠵᠤᠯ ᠵᠢᠷᠭᠠᠯ ᠲᠠᠢ ᠪᠠᠶᠢᠭᠰᠠᠨ ᠶᠤᠮ᠃ ᠬᠡᠷᠪᠡ ᠡᠷᠭᠢᠬᠦ ᠲᠦᠷᠦᠯ ᠭᠡᠵᠦ ᠪᠠᠶᠢᠪᠠᠯ ᠡᠨᠡ ᠲᠦᠷᠦᠯ ᠤᠨ ᠤᠯᠵᠤ ᠡᠳ᠋ᠯᠡᠭᠰᠡᠨ ᠦᠭᠡᠢ ᠪᠤᠶᠠᠨ ᠵᠢᠷᠭᠠᠯ ᠪᠠ ᠬᠠᠶᠢᠷ᠎ᠠ ᠲᠤᠷᠠᠯᠠᠯ ᠤᠨ ᠪᠠᠶᠠᠷ ᠴᠡᠩᠭᠡᠯ ᠢ ᠬᠠᠨᠢ ᠨᠦᠬᠦᠷ ᠴᠢᠮ᠎ᠠ ᠳᠠᠭᠠᠨ ᠨᠦᠬᠦᠪᠦᠷᠢᠯᠡᠬᠦ ᠶᠢ ᠪᠤᠷᠬᠠᠨ ᠲᠡᠭᠷᠢ ᠳᠡᠭᠡᠨ ᠵᠠᠯᠪᠠᠷᠢᠨ ᠲᠠᠭᠠᠳᠬᠠᠶ᠎ᠠ᠃     ︽ᠠᠯᠳᠠᠨ ᠪᠡᠶ᠎ᠡ ᠳᠤ ᠬᠡᠷᠪᠡ     ᠠᠮᠠᠷᠠᠭ ᠰᠡᠳᠭᠢᠯ ᠵᠠᠶᠠᠭ᠎ᠠ ᠦᠭᠡᠢ ᠪᠤᠯ     ᠠᠯᠠᠵᠤ ᠢᠳᠡᠬᠦ ᠮᠠᠯ ᠪᠢᠰᠢ     ᠠᠮᠢᠳᠤ ᠶᠠᠪᠤᠭᠠᠳ ᠶᠠᠭᠠᠬᠢᠬᠤ ᠪᠤᠢ ᠳ᠋ᠠ︾     ᠠᠭᠤᠣ ᠰᠢᠯᠦᠭᠴᠢ ᠯᠢ ᠪᠠᠢ ᠶᠢᠨ ᠡᠨᠡ ᠪᠠᠳᠠᠭ ᠦᠭᠡ ᠨᠠᠮ᠎ᠠ ᠶᠢ ᠬᠡᠵᠢᠶᠡᠳᠡ ᠵᠤᠷᠢᠭᠵᠢᠭᠤᠯᠵᠤ᠂ ᠴᠢᠮ᠎ᠠ ᠶᠢ ᠦᠨᠢᠳᠡ ᠮᠦᠷᠦᠭᠡᠳᠦᠭᠦᠯᠵᠦ ᠶᠠᠪᠤᠨ᠎ᠠ᠃
ᠢᠷᠡᠯᠲᠡ᠄ ᠣᠷᠳᠣᠰ ᠮᠣᠩᠭᠤᠯ ᠰᠥᠯᠵᠢᠶ᠎ᠡ