ᠲᠡᠭᠷᠢ ᠰᠢᠭ ᠪᠠᠢ
ᠨᠡᠶᠢᠲᠡᠯᠡᠭᠰᠡᠨ ᠴᠠᠭ᠄
2024/9/12
     ᠬᠠᠮᠤᠭ ᠪᠦᠬᠦᠳᠡᠭᠡᠷ ᠢᠶᠠᠨ ᠬᠠᠷᠢᠶᠠᠨ ᠵᠦᠭᠡᠵᠤ ᠪᠠᠶᠢᠪᠠᠴᠤ     ᠲᠡᠭᠷᠢ ᠰᠢᠭ ᠪᠠᠢ᠂ ᠲᠤᠷ᠎ᠠ ᠦᠭᠡᠢ ᠳᠤ ᠲᠦᠡᠭᠰᠦ᠋ᠢᠬᠦ     ᠬᠠᠮᠤᠭ ᠤᠨ ᠰᠠᠶᠢᠨ ᠬᠦᠮᠤᠨ ᠭᠡᠵᠤ ᠬᠠᠰᠬᠢᠷᠴᠤ ᠢᠷᠤᠭᠡᠵᠤ ᠪᠠᠶᠢᠪᠠᠴᠤ     ᠲᠡᠭᠷᠢ ᠰᠢᠭ ᠪᠠᠢ᠂ ᠠᠨᠢᠷ ᠦᠭᠡᠢ ᠦᠯᠡᠳᠡᠭᠡᠬᠦ     ᠲᠡᠨᠡᠭ ᠤᠳ ᠪᠦᠬᠦᠳᠡᠭᠡᠷ ᠢᠶᠠᠨ ᠴᠢᠮ᠎ᠠ ᠶᠢ ᠰᠤᠷᠭᠠᠪᠠᠴᠤ     ᠲᠡᠭᠷᠢ ᠰᠢᠭ ᠪᠠᠢ᠂ ᠲᠤᠨᠠᠷᠠᠨ ᠲᠤᠨᠢᠶᠠᠷᠳᠠᠬᠤ     ᠲᠡᠪᠡᠷᠢᠵᠤ ᠪᠦᠬᠦᠳᠡᠭᠡᠷ ᠢᠶᠠᠨ ᠴᠢᠮ᠎ᠠ ᠶᠢ ᠦᠨᠤᠰᠪᠠᠴᠤ     ᠲᠡᠭᠷᠢ ᠰᠢᠭ ᠪᠠᠢ᠂ ᠬᠢᠵᠠᠭᠠᠷ ᠦᠭᠡᠢ ᠦᠷᠬᠦᠯᠵᠢᠯᠡᠬᠦ     ᠲᠡᠪᠴᠢᠶᠡᠷᠢ ᠠᠯᠳᠠᠵᠤ ᠨᠦᠬᠦᠳ ᠴᠢᠨᠢ ᠤᠷᠬᠢᠪᠠᠴᠤ     ᠲᠡᠭᠷᠢ ᠰᠢᠭ ᠪᠠᠢ᠂ ᠮᠦᠡᠭᠭᠡ ᠠᠮᠤᠭᠤᠯᠠᠩ     ᠲᠡᠷᠭᠡᠨ ᠳᠤ ᠰᠠᠭᠤᠯᠭᠠᠵᠤ ᠠᠯᠳᠠᠨ ᠲᠢᠳᠢᠮ ᠡᠮᠤᠰᠤᠬᠦᠯᠪᠡᠴᠤ     ᠲᠡᠭᠷᠢ ᠰᠢᠭ ᠪᠠᠢ᠂ ᠶᠠᠭᠤ ᠴᠤ ᠪᠤᠯᠤᠭ᠎ᠠ ᠦᠭᠡᠢ ᠶᠤᠮ ᠰᠢᠬ     ᠬᠠᠮᠤᠭ ᠤᠨ ᠬᠠᠶᠢᠷᠠᠳᠠᠢ ᠬᠦᠮᠤᠨ ᠴᠢᠨᠢ ᠬᠠᠯᠢᠵᠤ ᠤᠳᠤᠬᠰᠠᠨ ᠴᠤ     ᠬᠠᠨ ᠲᠡᠭᠷᠢ ᠨᠤᠷᠠᠴᠢᠬᠠᠭ᠎ᠠ ᠦᠭᠡᠢ ᠴᠠᠭ ᠲᠤ ᠪᠤᠤ ᠵᠤᠪᠠ     ᠬᠦᠳᠭᠡᠨ‌‍ᠲ᠋ᠤᠷᠤᠮᠵᠢᠯᠠᠵᠤ ᠪᠠᠬ᠎ᠠ ᠪᠠᠨ ᠬᠠᠨᠤᠪᠠᠴᠤ     ᠬᠦᠨ ᠬᠦᠭᠡ ᠲᠡᠭᠷᠢ ᠭᠡᠮᠭᠡᠷᠡᠭᠡ ᠦᠭᠡᠢ ᠴᠠᠭ ᠲᠤ ᠪᠤᠤ ᠠᠶᠤ     ᠡᠪᠡᠳᠴᠢᠨ ᠵᠤᠪᠠᠯᠠᠩ ᠳᠤ ᠨᠡᠷᠪᠡᠭᠳᠡᠨ ᠲᠠᠷᠳᠠᠬᠤ ᠳᠠᠭᠠᠨ ᠲᠤᠯᠤᠪᠠᠴᠤ     ᠦᠨᠢ ᠮᠦᠡᠭᠭᠡ ᠲᠡᠭᠷᠢ ᠰᠢᠭ ᠪᠠᠢ᠂ ᠴᠢ ᠢᠯᠠᠨ᠎ᠠ︕     ᠦᠷᠦᠭᠡᠯ ᠪᠤᠰᠤᠳ ᠲᠤ ᠲᠤᠭᠤᠬᠳᠠᠬᠤ ᠪᠠᠨ ᠪᠠᠶᠢᠵᠤ ᠮᠠᠷᠳᠠᠬᠳᠠᠪᠠᠴᠤ     ᠦᠨᠳᠤᠷ ᠲᠡᠭᠷᠢ ᠲᠡᠭᠡᠷ᠎ᠠ ᠴᠢᠨᠢ ᠴᠠᠯᠠᠶᠢᠵᠤ ᠪᠠᠶᠢᠬᠤ ᠶᠢ ᠪᠤᠤ ᠮᠠᠷᠳᠠ     ᠶᠠᠭ ᠯᠠ ᠠᠮᠢᠳᠤᠷᠠᠯ ᠴᠢᠨᠢ ᠲᠠᠭᠤᠰᠴᠤ ᠶᠠᠪᠤᠬᠤ ᠵᠠᠮ ᠦᠭᠡᠢ ᠪᠤᠯᠤᠬᠰᠠᠨ ᠴᠤ     ᠶᠠᠭᠠᠬᠢᠳᠠᠭ ᠢᠶᠠᠨ ᠠᠯᠳᠠᠯ ᠦᠭᠡᠢ ᠬᠦᠯᠢᠶᠡ᠂ ᠲᠡᠭᠷᠢ ᠰᠢᠭ ᠪᠠᠢ     ᠢᠷᠠᠭᠤᠬᠠᠨ ᠰᠠᠨᠠᠭ᠎ᠠ ᠮᠡᠬᠦᠰᠳᠡᠵᠤ ᠬᠤᠯᠠᠭᠠᠢ ᠵᠢᠯᠡᠭᠡᠢ ᠳᠤ ᠦᠷᠳᠦᠭᠰᠡᠨ ᠴᠤ     ᠶᠠᠳᠠᠮᠠᠬᠬᠠᠨ ᠠᠮᠢᠳᠠᠳ ᠢ ᠪᠤᠤ ᠲᠤᠭᠤ᠂ ᠲᠡᠭᠷᠢ ᠰᠢᠭ ᠪᠠᠢ     ᠤᠯᠵᠠ ᠤᠮᠤᠭ ᠴᠢᠮ᠎ᠠ ᠳᠤ ᠡᠬᠦᠳᠡ ᠪᠠᠨ ᠬᠠᠭᠠᠬᠰᠠᠨ ᠴᠤ ᠲᠡᠭᠷᠢ ᠰᠢᠭ ᠪᠠᠢ     ᠤᠯᠠᠨ ᠲᠦᠮᠡᠨ ᠨᠢᠭᠤᠷ ᠢᠶᠠᠨ ᠪᠤᠷᠤᠭᠤᠯᠠᠬᠰᠠᠨ ᠴᠤ ᠲᠡᠭᠷᠢ ᠰᠢᠭ ᠪᠠᠢ     ᠤᠳᠤᠳ ᠬᠢᠯᠠᠯᠵᠠᠵᠤ ᠨᠠᠷᠠᠨ ᠰᠠᠷᠠᠨ ᠡᠭᠡᠯᠵᠢᠯᠡᠬᠦ ᠴᠠᠭ ᠲᠤ     ᠤᠷᠴᠢᠯᠠᠩ ᠲᠡᠭᠡᠷ᠎ᠠ ᠠᠪᠤ ᠶᠢᠨ ᠬᠦᠤ ᠰᠢᠨᠳᠠᠷᠠᠬᠤ ᠶᠤᠰᠤᠨ ᠦᠭᠡᠢ     ᠠᠭᠤᠷ ᠤᠮᠤᠭ ᠦᠪᠡᠷ ᠤᠨ ᠮᠤᠩᠬᠠᠭ ᠢ ᠮᠠᠷᠳᠠᠵᠤ ᠲᠡᠭᠷᠢ ᠰᠢᠭ ᠪᠠᠢ     ᠤᠢᠢᠳᠬᠠᠨ ᠬᠤᠷᠸ᠎ᠠ ᠠᠴᠠ ᠢᠯᠡᠬᠦᠤ ᠭᠠᠷᠴᠤ ᠵᠢᠬᠦᠷ ᠢᠶᠠᠨ ᠲᠡᠯᠭᠡ︕     ᠴᠦᠬᠦᠷᠡᠯ ᠴᠢᠮ᠎ᠠ ᠶᠢ ᠪᠠᠭᠠᠯᠵᠠᠭᠤᠷᠳᠠᠵᠤ ᠴᠦᠯ ᠤᠨ ᠴᠢᠨ᠋ᠸ᠎ᠠ ᠰᠢᠬ ᠪᠤᠯᠭᠠᠬᠰᠠᠨ ᠴᠤ     ᠰᠦᠰᠦ ᠶᠡᠭᠡ ᠲᠠᠢ ᠬᠦᠮᠤᠨ ᠤ ᠦᠷ᠎ᠠ ᠭᠡᠳᠡᠭ ᠢᠶᠠᠨ ᠪᠤᠤ ᠮᠠᠷᠳᠠᠭᠠᠷᠠᠢ     ᠴᠤᠷ ᠤᠨ ᠭᠠᠭᠴᠠ ᠬᠦᠤ ᠮᠢᠨᠢ ᠪᠠᠰᠠ ᠦᠬᠢᠳ ᠮᠢᠨᠢ ᠭᠡᠤᠭᠡᠳ ᠤᠳ ᠮᠢᠨᠢ     ᠴᠤᠬᠯᠠᠵᠤ ᠢᠷᠡᠬᠦ ᠡᠬᠦᠯᠡ ᠶᠢᠨ ᠦᠷ᠎ᠠ ᠠᠴᠠ ᠪᠤᠤ ᠵᠢᠭᠤᠳᠠ᠂ ᠪᠤᠤ ᠠᠶᠤ     ᠬᠤᠪᠢ ᠵᠠᠶᠠᠭ᠎ᠠ ᠲᠠᠢ ᠢᠮᠠᠬᠳᠠ ᠡᠪᠯᠡᠷᠡᠵᠤ ᠲᠡᠪᠴᠢᠶᠡᠷᠢ ᠲᠠᠢ ᠪᠠᠢ     ᠬᠠᠭᠤᠴᠢᠨ ᠴᠠᠭ ᠤᠨ ᠮᠡᠷᠭᠡᠳ ᠬᠦᠯᠢᠶᠡᠵᠤ ᠰᠤᠷᠤᠬᠰᠠᠨ ᠶᠤᠮ ᠰᠢᠤ     ᠤᠷᠤᠬᠤ ᠤᠷᠤᠨ ᠦᠭᠡᠢ ᠪᠤᠯᠤᠬᠰᠠᠨ ᠴᠠᠭ ᠲᠠᠭᠠᠨ ᠤᠷᠴᠢᠯᠠᠩ ᠢ ᠪᠦᠬᠦᠯᠢ ᠳᠤᠨᠢ ᠤᠯᠤᠨ᠎ᠠ ᠴᠢ     ᠤᠴᠠᠯᠠᠬᠤ ᠨᠦᠬᠦᠷ ᠦᠭᠡᠢ ᠪᠤᠯᠤᠬᠰᠠᠨ ᠴᠠᠭ ᠲᠠᠭᠠᠨ ᠬᠦᠮᠤᠨ ᠢ ᠪᠠᠰᠠ ᠤᠢᠢᠯᠠᠭᠠᠨ᠎ᠠ ᠴᠢ     ᠠᠵᠠ ᠵᠢᠷᠭᠠᠯ ᠢᠷᠡᠨ᠎ᠠ᠂ ᠭᠡᠪᠡᠴᠤ ᠤᠳᠠᠯ ᠦᠭᠡᠢ ᠠᠯᠠᠭ᠎ᠠ ᠪᠤᠯᠳᠠᠭ ᠶᠤᠮ     ᠠᠶᠤᠯ ᠵᠤᠪᠠᠯᠠᠩ ᠲᠤᠬᠢᠶᠠᠨ᠎ᠠ᠂ ᠭᠡᠪᠡᠴᠤ ᠲᠦᠳᠠᠯ ᠦᠭᠡᠢ ᠠᠷᠢᠯᠳᠠᠭ ᠶᠤᠮ      ᠵᠠᠮ ᠢᠶᠠᠷ ᠢᠶᠠᠨ ᠶᠢᠷᠳᠢᠨᠴᠤ ᠳᠤ ᠶᠠᠭᠤᠮ᠎ᠠ ᠪᠦᠬᠦᠨ ᠡᠳᠤᠷ ᠰᠦᠨᠢ ᠰᠢᠭ ᠡᠭᠡᠯᠵᠢᠯᠡᠨ᠎ᠠ     ᠵᠢᠷᠭᠠᠯ ᠵᠤᠪᠠᠯᠠᠩ ᠤᠨ ᠠᠯᠢᠨ ᠳᠤ ᠴᠤ ᠮᠦᠡᠭᠭᠡ ᠲᠡᠭᠷᠢ ᠰᠢᠭ ᠪᠠᠢ     ᠠᠳᠠᠭᠠᠳᠠᠨ ᠲᠦᠮᠡᠨ ᠳᠡᠭᠡᠨ ᠮᠠᠭᠤ ᠶᠢ ᠦᠢᠯᠡᠳᠪᠠᠴᠤ ᠬᠠᠷᠢᠭᠤ ᠳᠤᠨᠢ ᠰᠠᠶᠢᠨ ᠢ ᠪᠦᠳᠤᠭᠡ     ᠠᠷᠢᠭᠤᠨ ᠰᠡᠳᠬᠢᠯ ᠤᠨ ᠨᠤᠭᠤ ᠳᠤ ᠪᠤᠶᠠᠨ ᠤ ᠴᠡᠴᠡᠭᠡᠰ ᠲᠡᠯᠭᠡᠷᠡᠳᠡᠭ ᠶᠤᠮ     ᠢᠮᠠᠬᠳᠠ ᠴᠢᠨᠤ ᠵᠦᠪ ᠪᠠᠶᠢᠬᠤ ᠠᠯᠪᠠ ᠦᠭᠡᠢ᠂ ᠰᠠᠶᠢᠳᠤᠷ ᠲᠤᠩᠭ᠎ᠠ     ᠶᠠᠷᠢᠵᠤ ᠭᠡᠯᠡᠬᠦ ᠬᠦᠳᠡᠯᠬᠦ ᠪᠦᠬᠦᠨ ᠢᠶᠠᠨ ᠦᠪᠡᠷ ᠢᠶᠠᠨ ᠬᠢᠨᠠ᠂ ᠰᠡᠳᠬᠢ     ᠬᠦᠰᠡᠯ ᠪᠦᠬᠦᠨ ᠪᠠᠶᠠᠯᠡᠬᠦ ᠠᠯᠪᠠ ᠦᠭᠡᠢ᠂ ᠴᠢᠩᠳᠠᠯᠠᠵᠤ ᠬᠤᠷᠢ     ᠬᠦᠷᠬᠦ ᠶᠢᠨ ᠡᠴᠤᠰ ᠦᠭᠡᠢ ᠲᠡᠭᠷᠢ ᠰᠢᠭ ᠪᠠᠢ᠂ ᠦᠨᠡᠨ ᠢ ᠲᠡᠮᠳᠡᠷᠢ     ᠶᠠᠭᠤᠮ᠎ᠠ ᠪᠦᠬᠦᠨ ᠳᠤ ᠦᠪᠡᠷ ᠤᠨ ᠴᠠᠭ ᠪᠤᠢ᠂ ᠰᠦᠷᠦᠭᠡᠳ ᠨᠡᠮᠡᠷᠢ ᠦᠭᠡᠢ     ᠶᠠᠷᠤ ᠲᠠᠳᠠᠬᠰᠠᠨ ᠬᠦᠮᠤᠨ ᠳᠤ ᠲᠤᠯᠤᠭᠠᠨ ᠳᠤ᠂ ᠭᠡᠷᠡᠭ ᠲᠠᠢ ᠬᠤᠷᠢᠮ ᠳᠤ ᠨᠡᠮᠡᠷᠢ ᠦᠭᠡᠢ     ᠨᠤᠬᠠᠢ ᠪᠤᠯᠬᠤ ᠠᠴᠠ ᠨᠢ ᠡᠮᠤᠨ᠎ᠠ ᠬᠦᠯᠦᠭᠡ ᠶᠢ ᠬᠠᠵᠠᠵᠤ ᠭᠡᠮᠡᠯᠢᠳᠡᠭ ᠶᠤᠮ     ᠨᠤᠶᠠᠨ ᠪᠤᠯᠬᠤ ᠠᠴᠠ ᠨᠢ ᠡᠮᠤᠨ᠎ᠠ ᠬᠦᠪᠡᠬᠦᠨ ᠢ ᠪᠠᠰᠤᠵᠤ ᠲᠤᠷᠤᠮᠵᠢᠯᠠᠳᠠᠭ ᠶᠤᠮ     ᠰᠠᠮᠠᠭᠤᠨ ᠲᠡᠭᠳᠡᠭᠡᠭᠴᠢᠳ ᠦᠢᠯᠡ ᠪᠠᠨ ᠲᠠᠶᠢᠪᠤᠡᠭ ᠬᠢᠭ     ᠰᠠᠨᠳᠤᠷᠴᠤ ᠮᠡᠭᠳᠡᠷᠡᠬᠦ ᠭᠡᠷᠡᠭ ᠦᠭᠡᠢ ᠲᠡᠭᠷᠢ ᠰᠢᠭ ᠪᠠᠢ     ᠰᠠᠯᠬᠢ ᠴᠠᠭᠠᠨ ᠪᠤᠯᠬᠤ ᠪᠠᠷ ᠪᠦᠬᠦᠨ ᠢ ᠭᠡᠶᠢᠰᠭᠡᠳᠡᠭ ᠶᠤᠮ     ᠰᠠᠪᠠᠭ᠎ᠠ ᠦᠭᠡᠢ ᠠᠮᠢᠳᠠᠳ ᠤᠨ ᠵᠢᠨᠳᠠᠭ᠎ᠠ ᠶᠢ ᠪᠤᠤ ᠤᠨᠠ     ᠡᠷᠭᠡ ᠮᠡᠳᠡᠯ ᠲᠠᠢ ᠬᠦᠮᠤᠨ ᠬᠢᠯᠢᠨᠴᠠ ᠨᠢᠬᠦᠯ ᠠᠴᠠ ᠵᠠᠶᠢᠯᠠᠬᠤ ᠦᠭᠡᠢ     ᠡᠳ᠋ ᠪᠠᠶᠠᠯᠢᠭ ᠲᠠᠢ ᠬᠦᠮᠤᠨ ᠬᠦᠰᠡᠯ ᠰᠢᠨᠤᠯ ᠠᠴᠠ ᠬᠠᠭᠠᠴᠠᠬᠤ ᠦᠭᠡᠢ     ᠶᠢᠷᠳᠢᠨᠴᠤ ᠶᠢᠨ ᠪᠦᠬᠦ ᠶᠠᠭᠤᠮ᠎ᠠ ᠭᠡᠮᠵᠢᠶ᠎ᠠ ᠲᠠᠢ ᠶᠢ ᠪᠤᠤ ᠮᠠᠷᠳᠠ     ᠶᠡᠷᠤ ᠴᠠᠭ ᠢᠶᠠᠨ ᠪᠤᠯᠬᠤ ᠪᠠᠷ ᠬᠤᠮᠠᠬᠢ ᠲᠤᠭᠤᠰᠤ ᠰᠢᠬ ᠰᠠᠷᠨᠢᠨ᠎ᠠ     ᠡᠩ ᠤᠨ ᠬᠦᠮᠤᠨ ᠠᠷᠠᠳ ᠲᠤ ᠡᠭᠡᠯᠢᠳᠠᠢ ᠪᠠᠢ ᠬᠠᠶᠢᠷᠠᠳᠠᠢ ᠪᠠᠢ     ᠡᠯᠳᠡᠪ ᠪᠤᠰᠤᠷᠮᠠᠭ ᠶᠠᠪᠤᠳᠠᠯ ᠳᠤ ᠪᠤᠤ ᠤᠷᠢᠶᠠᠴᠠᠯᠳᠠ     ᠦᠨ᠎ᠠ ᠲᠠᠢ ᠴᠠᠨ᠎ᠠ ᠲᠠᠢ ᠪᠦᠬᠦᠨ ᠢᠶᠠᠨ ᠪᠤᠰᠤᠳ ᠲᠤ ᠦᠭᠴᠤ ᠰᠤᠷ᠂ ᠪᠤᠤ ᠬᠠᠷᠠᠮᠰᠠ     ᠡᠬᠦᠷᠢᠳᠡ ᠤᠷᠤᠰᠢᠬᠤ ᠦᠭᠡᠢ ᠶᠢᠨ ᠤᠴᠢᠷ ᠲᠤᠰᠠ ᠪᠤᠯᠬᠤ ᠦᠢᠯᠡ ᠪᠠᠨ ᠪᠦᠳᠤᠭᠡ     ᠭᠠᠳᠠᠨ᠎ᠠ ᠪᠠᠨ ᠢᠮᠠᠬᠳᠠ ᠪᠤᠰᠤᠳ ᠠᠴᠠ ᠲᠤᠤᠷ᠎ᠠ ᠳᠤ ᠪᠠᠢ᠂ ᠲᠠᠷᠤᠤ ᠪᠠᠢ     ᠭᠠᠶᠢᠬᠠᠭᠤᠯᠬᠤ ᠭᠡᠷᠡᠭ ᠦᠭᠡᠢ ᠲᠤᠳᠤᠷ᠎ᠠ ᠪᠠᠨ ᠲᠡᠭᠷᠢ ᠮᠡᠳᠤ ᠠᠭᠤᠤ ᠪᠠᠢ     ᠦᠭᠡ ᠶᠠᠷᠢᠶ᠎ᠠ ᠭᠡᠷᠡᠭ ᠦᠭᠡᠢ ᠭᠠᠵᠠᠷ ᠲᠤ ᠬᠠᠷᠠᠴᠠ ᠪᠠᠷ ᠢᠶᠠᠨ ᠦᠬᠦᠯᠡᠵᠤ ᠰᠤᠷ     ᠦᠨᠡᠨ ᠬᠤᠳᠠᠯ ᠢ ᠢᠯᠭᠠᠬᠤ ᠠᠷᠭ᠎ᠠ ᠦᠭᠡᠢ ᠴᠠᠭ ᠲᠤ ᠪᠤᠷᠬᠠᠨ ᠳᠠᠭᠠᠨ ᠵᠠᠯᠪᠠᠷᠢ     ᠦᠨᠤᠳᠤᠷ ᠴᠢᠮ᠎ᠠ ᠶᠢ ᠮᠠᠷᠭᠠᠰᠢ ᠪᠤᠰᠤᠳ ᠢ ᠬᠠᠭᠤᠷᠬᠤ ᠬᠦᠮᠤᠰ ᠲᠤ     ᠦᠪᠡᠷ ᠰᠢᠭ ᠢᠶᠠᠨ ᠪᠤᠤ ᠢᠳᠡᠭᠡ᠂ ᠮᠦᠷ ᠢ ᠬᠦᠭᠡᠭᠡᠵᠤ ᠴᠢᠭ ᠢ ᠪᠠᠷᠢ ᠬᠦᠤ ᠮᠢᠨᠢ     ᠬᠠᠮᠤᠭ ᠤᠨ ᠡᠴᠤᠰ ᠲᠤ ᠭᠡᠯᠡᠬᠦ ᠳᠤ ᠨᠤᠬᠠᠢ ᠶᠢᠨ ᠶᠠᠪᠤᠳᠠᠯ ᠢ ᠲᠡᠭᠡᠳᠤᠯᠡ     ᠬᠦᠯᠢᠶᠡᠨ ᠲᠡᠪᠴᠢᠬᠦ ᠠᠴᠠ ᠢᠯᠡᠬᠦᠤ ᠭᠠᠪᠢᠶ᠎ᠠ ᠶᠢ ᠪᠢ ᠮᠡᠳᠡᠬᠦ ᠦᠭᠡᠢ     ᠁          ︵︽ᠮᠦᠡᠭᠭᠡ ᠶᠢᠨ ᠭᠠᠯ ᠰᠤᠶᠤᠯ ᠵᠠᠭᠤᠴᠢ︾ ᠠᠴᠠ︶ 
ᠢᠷᠡᠯᠲᠡ᠄ ᠤᠷᠳᠤᠰ ᠤᠨ ᠡᠳᠤᠷ ᠤᠨ ᠰᠤᠨᠢᠨ