ᠪᠠᠷᠰ
ᠨᠡᠶᠢᠲᠡᠯᠡᠭᠰᠡᠨ ᠴᠠᠭ᠄
2024/8/29
      ᠭᠦᠨ ᠭᠦᠪᠴᠢ ᠶᠢᠨ ᠤᠢ ᠳᠤ ᠪᠦᠳᠦᠭᠦᠨ ᠪᠡᠶ᠎ᠡ ᠲᠠᠢ᠂ ᠠᠷᠢᠶᠠᠳᠠᠨ ᠤ ᠸᠠᠩ ᠭᠡᠭᠴᠢ ᠵᠤᠷᠢᠭ ᠰᠦᠰᠦ ᠲᠠᠢ ᠠᠯᠠᠭ ᠡᠷᠢᠶᠠᠨ ᠪᠠᠷᠰ ᠪᠠᠶᠢᠳᠠᠭ᠃      ᠠᠷᠪᠠᠨ ᠬᠤᠶᠠᠷ ᠵᠢᠯ ᠤᠨ ᠠᠮᠢᠳᠠᠨ ᠳᠤ ᠪᠠᠷᠰ ᠴᠢᠨᠢ ᠭᠤᠷᠪᠠᠳᠤᠭᠠᠷ ᠲᠤ ᠪᠠᠶᠢᠷᠢᠯᠠᠵᠤ ᠪᠠᠶᠢᠭ᠎ᠠ ᠶᠤᠮ᠃ ᠪᠢ ᠶᠠᠭ ᠪᠠᠷᠰ ᠵᠢᠯ ᠲᠦᠷᠦᠭᠰᠡᠨ ᠰᠢᠤ᠃ ᠪᠢ ᠨᠠᠷᠢᠬᠠᠨ ᠪᠠᠶ᠎ᠠ ᠲᠠᠢ᠂ ᠬᠠᠷᠢᠨ ᠪᠠᠷᠰ ᠵᠢᠯ ᠳᠤ ᠲᠦᠷᠤᠯ᠎ᠠ ᠭᠡᠳ ᠳᠠᠭᠤᠷᠢᠶᠠᠭᠠᠳ ᠪᠦᠳᠤᠭᠦᠨ ᠲᠤᠮᠤ ᠪᠤᠯᠤᠭ᠎ᠠ ᠦᠬᠡᠢ᠃ ᠪᠢ ᠭᠦᠶᠦᠬᠦ ᠳᠡᠭᠡᠨ ᠬᠠᠷᠢᠨ ᠪᠤᠭᠤ ᠰᠤᠭᠤ ᠰᠢᠭ ᠬᠤᠷᠳᠤᠨ ᠪᠠᠶᠢᠳᠠᠭ᠃ ᠡᠵᠢ ᠯᠠ ᠮᠢᠨᠤ ᠬᠦᠶᠥᠭᠦ ᠶᠢ ᠢᠡᠭᠬᠢᠵᠦ ᠵᠦᠢᠷᠯᠠᠨ ᠬᠡᠯᠡᠳᠡᠭ ᠰᠢᠤ᠃ ᠭᠡᠭᠡᠷᠡᠯᠡᠨ ᠬᠦᠶᠦᠭᠦ ᠪᠤᠶᠤ ᠬᠤᠯᠠ ᠬᠦᠶᠦᠭᠦ ᠤᠷᠤᠯᠳᠤᠭᠠᠨ ᠳᠤ ᠪᠢ ᠪᠠᠷᠤᠭ ᠪᠦᠷ ᠲᠡᠷᠢᠭᠦᠨ ᠳᠤᠨᠢ ᠭᠠᠷᠳᠠᠭ᠃ ᠪᠢ ᠪᠡᠶ᠎ᠡ ᠪᠠᠨ ᠮᠠᠭᠳᠠᠵᠤ ᠪᠠᠶᠢᠭ᠎ᠠ ᠪᠢᠰᠢ ᠰᠢᠤ᠃ ᠤᠴᠢᠷ ᠨᠢ ᠨᠠᠳᠠ ᠳᠤ ᠪᠠᠷᠰ ᠰᠢᠭ ᠲᠠᠶᠢᠮᠤ ᠰᠦᠰᠤ ᠵᠤᠷᠢᠭᠳᠠᠢ ᠪᠠᠶᠢᠳᠠᠭ ᠪᠠᠶᠢᠬ᠎ᠠ᠂ ᠪᠠᠰᠠ ᠨᠢᠭᠡ ᠲᠠᠯ᠎ᠠ ᠪᠠᠷ ᠵᠠᠪᠠᠯ ᠰᠠᠨᠠᠭᠰᠠᠨ ᠳᠠᠭᠠᠨ ᠬᠦᠷᠦᠨ᠎ᠡ ᠭᠡᠳ ᠢᠯᠡᠭᠦᠦ ᠴᠢᠷᠮᠠᠶᠢᠳᠠᠭ ᠶᠤᠮ᠃ ︽ᠪᠠᠷᠰ ᠤᠨ ᠵᠢᠷᠦᠭᠡ ᠲᠠᠢ ᠠᠮᠢᠳᠠᠨ︾ ᠭᠡᠵᠦ ᠬᠦᠮᠦᠰ ᠬᠡᠯᠡᠳᠡᠭ ᠤᠨ ᠶᠤᠰᠤ ᠪᠠᠷ ᠮᠢᠨᠤ ᠵᠢᠷᠤᠭᠡ ᠪᠤᠯ ᠪᠦᠳᠤᠭᠦᠨ᠃      ᠪᠢ ᠪᠠᠷᠰ ᠢ ᠠᠮᠢᠲᠠᠨ ᠤ ᠬᠦᠷᠢᠶᠠᠯᠠᠩ ᠳᠤ ᠤᠴᠢᠵᠤ ᠦᠵᠡᠭᠰᠡᠨ᠃ ᠵᠢᠷᠤᠭ ᠰᠡᠭᠦᠳᠡᠷ᠂ ᠲᠧᠯᠸᠢᠰ ᠠᠴᠠ ᠪᠤᠯ ᠤᠯᠠᠨ ᠤᠳᠠᠭ᠎ᠠ ᠦᠵᠡᠵᠦ ᠪᠠᠶᠢᠵᠠᠢ᠃ ᠪᠠᠷᠰ ᠲᠠᠶᠢᠪᠤᠭᠤᠬᠠᠨ ᠮᠦᠷᠳᠡᠭᠡᠨ ᠰᠦᠷᠳᠠᠢ ᠭᠡᠭᠴᠢ ᠠᠯᠬᠤᠯᠠᠵᠤ᠂ ᠪᠡᠶᠡᠨ ᠳᠡᠭᠡᠨ ᠰᠢᠷ᠎ᠠ ᠡᠷᠢᠶᠡᠨ ᠬᠦᠷᠮ᠎ᠡ ᠪᠠᠨ ᠡᠮᠦᠰᠴᠢᠭᠡᠭᠰᠡᠨ ᠤᠢ ᠳᠤᠳᠤᠷ᠎ᠠ ᠨᠠᠭᠠᠰᠢ ᠴᠠᠭᠠᠰᠢ ᠠᠩᠬᠠᠷᠤᠯ ᠰᠠᠷᠡᠮᠵᠢᠲᠠᠢ ᠶᠠᠪᠤᠬᠤ ᠨᠢ ᠶᠠᠭ ᠯᠠ ᠠᠮᠤᠷ ᠢ ᠬᠠᠮᠠᠭᠠᠯᠠᠬᠤ ᠴᠠᠭᠳᠠᠭ᠎ᠠ ᠰᠢᠭ ᠪᠠᠶᠢᠳᠠᠭ᠃ ᠬᠠᠷᠢᠨ ᠦᠨᠡᠭᠡ ᠰᠢᠭ ︽ᠱᠤᠩ ᠱᠤᠩ︾ ᠭᠡᠵᠤ ᠬᠤᠶᠠᠷ ᠴᠢᠬᠢ ᠪᠠᠨ ᠰᠡᠷᠲᠡᠭᠡᠨᠡᠭᠦᠯᠵᠤ ᠬᠦᠶᠦᠳᠡᠭ ᠦᠭᠡᠢ ᠶᠤᠮ᠃ ᠦᠨᠡᠭᠡ ᠶᠢ ᠬᠦᠮᠦᠰ ᠶᠡᠭᠡ ᠮᠡᠷᠭᠡᠨ ᠠᠮᠢᠳᠠᠨ ᠭᠡᠳᠡᠭ᠂ ᠮᠢᠨᠤ ᠦᠵᠡᠭᠦ ᠪᠠᠷ ᠲᠡᠷᠡ ᠴᠢᠨᠢ ᠶᠤᠰᠤᠲᠠᠢ ᠬᠤᠯᠵᠢᠨ ᠵᠤᠯᠢᠭ ᠳ᠋ᠠ᠃      ᠪᠠᠷᠰ ᠠᠪᠤᠭᠠᠢ ᠲᠦᠢᠯ ᠤᠨ ᠦᠨᠡᠨᠴᠢ ᠭᠤᠤᠯᠴᠢ ᠭᠡᠵᠤ ᠪᠢ ᠦᠵᠡᠳᠡᠭ᠃ ︽ᠪᠠᠷᠰ ᠡᠯᠵᠢᠭᠡ ᠬᠤᠶᠠᠷ︾ ᠭᠡᠳᠡᠭ ᠠᠷᠠᠳ ᠤᠨ ᠠᠮᠠᠨ ᠦᠯᠢᠭᠡᠷ ᠲᠤ ᠪᠠᠶᠢᠳᠠᠭ ᠃ ᠦᠯᠢᠭᠡᠷ ᠲᠤ ᠡᠨᠡ ᠬᠤᠶᠠᠷ ᠰᠠᠶᠢᠨ ᠠᠨᠳᠠ ᠪᠤᠯᠤᠯᠴᠠᠭᠰᠠᠨ ᠭᠡᠨ᠎ᠠ᠃ ᠲᠡᠭᠡᠭᠡᠳ ᠬᠠᠮᠤᠭ ᠡᠴᠦᠰ ᠲᠤ ᠡᠯᠵᠢᠭᠡ ᠤᠮᠤᠷᠬᠠᠭᠯᠠᠵᠤ ᠯᠠᠷᠵᠢᠶ᠎ᠠ ᠳᠠᠲᠠᠵᠤ ᠪᠠᠶᠢᠭᠠᠳ ᠴᠢᠨ᠋ᠸ᠎ᠠ ᠶᠢᠨ ᠢᠳᠡᠰᠢ ᠪᠤᠯᠤᠭᠰᠠᠨ᠃ ᠲᠡᠷᠡ ᠬᠡᠷᠪᠡ ᠪᠠᠷᠰ ᠠᠨᠳᠠ ᠶᠢᠨ ᠢᠶᠠᠨ ᠦᠭᠡ ᠪᠠᠷ ᠶᠠᠪᠤᠭᠰᠠᠨ ᠪᠣᠯ ᠡᠶᠢᠮᠦ ᠤᠴᠢᠷ ᠭᠠᠷᠬᠤ ᠦᠬᠡᠢ ᠶᠤᠮ ᠰᠢᠤ᠃      ᠪᠠᠷᠰ ᠪᠤᠯ ᠤᠢ ᠶᠢᠨ ᠰᠠᠬᠢᠭᠤᠯᠰᠤᠨ ᠪᠤᠯᠤᠨ᠎ᠠ᠃ ᠤᠢ ᠰᠢᠭᠤᠢ ᠳᠤ ᠪᠠᠷᠰ ᠪᠠᠶᠢᠬᠤ ᠦᠭᠡᠢ ᠪᠣᠯ ᠬᠦᠨᠳᠡᠢ ᠬᠤᠭᠤᠰᠤᠨ ᠪᠤᠯᠤᠭᠠᠳ ᠰᠦᠷ ᠰᠦᠯᠳᠡ ᠦᠬᠡᠢ ᠪᠤᠯᠵᠤ᠂ ᠠᠷᠢᠶᠠᠳᠠᠨ ᠠᠮᠢᠳᠠᠨ ᠢ ᠵᠠᠬᠢᠷᠬᠤ ᠸᠠᠩ ᠪᠠᠶᠢᠬᠤ ᠦᠭᠡᠢ ᠪᠤᠯ ᠡᠮᠬᠢ ᠵᠠᠮᠪᠠᠷᠠᠭ᠎ᠠ ᠪᠠᠨ ᠠᠯᠳᠠᠨ᠎ᠠ᠃ ᠲᠡᠶᠢᠮᠤ ᠠᠴᠠ ᠪᠢ ᠪᠠᠷᠰ ᠢ ᠶᠡᠭᠡ ᠰᠤᠨᠢᠷᠬᠠᠬᠤ ᠲᠤᠷᠠᠳᠠᠢ                                                                                                           ᠵᠢᠯᠤᠭᠤᠳᠤᠭᠰᠠᠨ ᠪᠠᠭᠰᠢ᠄ ᠰᠠᠶᠢᠬᠠᠨᠴᠡᠴᠡᠭ 
ᠢᠷᠡᠯᠲᠡ᠄ ᠤᠷᠳᠤᠰ ᠤᠨ ᠡᠳᠤᠷ ᠤᠨ ᠰᠤᠨᠢᠨ