ᠠᠯᠳᠠᠨ ᠬᠠᠷᠭᠠᠨ᠎ᠠ
ᠨᠡᠶᠢᠲᠡᠯᠡᠭᠰᠡᠨ ᠴᠠᠭ᠄
2024/8/15
      ᠪᠢ ᠬᠠᠷᠭᠠᠨ᠎ᠠ ᠲᠤᠳᠤᠷ᠎ᠠ ᠠᠴᠠ ᠠᠯᠳᠠᠨ ᠬᠠᠷᠭᠠᠨ᠎ᠠ ᠶᠢ ᠢᠯᠡᠬᠦᠦ ᠰᠤᠨᠢᠷᠬᠠᠳᠠᠭ᠃ ᠲᠡᠭᠦᠨ ᠤ ᠲᠦᠷᠦᠯ ᠳᠤ ᠢᠮᠠᠭᠠᠨ ᠬᠠᠷᠭᠠᠨ᠎ᠠ᠂ ᠬᠦᠭᠡ ᠬᠠᠷᠭᠠᠨ᠎ᠠ᠂ ᠮᠦᠡᠭᠭᠡ ᠬᠠᠷᠭᠠᠨ᠎ᠠ ᠬᠡᠵᠤ ᠪᠠᠶᠢᠳᠠᠭ ᠴᠤ ᠨᠠᠳᠠ ᠳᠤ ᠠᠯᠳᠠᠨ ᠬᠠᠷᠭᠠᠨ᠎ᠠ ᠯᠡ ᠲᠦᠯᠬᠢᠬᠦᠦ ᠲᠠᠭᠠᠯᠠᠭᠳᠠᠳᠠᠭ ᠰᠠᠨ᠃      ᠵᠢᠯ ᠪᠦᠷᠢ ᠶᠢᠨ ᠲᠠᠪᠤᠳᠤᠭᠠᠷ ᠰᠠᠷ᠎ᠠ ᠶᠢᠨ ᠰᠡᠭᠦᠯᠴᠢ ᠵᠢᠷᠭᠤᠳᠤᠭᠠᠷ ᠰᠠᠷ᠎ᠠ ᠶᠢᠨ ᠡᠬᠢ ᠪᠠᠷ ᠬᠠᠷᠭᠠᠨ᠎ᠠ ᠴᠡᠴᠡᠭᠯᠡᠬᠦ ᠳᠤ ᠠᠯᠳᠠᠨ ᠬᠠᠷᠭᠠᠨ᠎ᠠ ᠴᠤ ᠭᠠᠯ ᠰᠢᠷᠭᠠᠯ ᠴᠡᠴᠡᠭ ᠢᠶᠠᠷ ᠭᠠᠵᠠᠷ ᠲᠡᠯᠡᠭᠡᠢ ᠶᠢ ᠦᠡᠭᠭᠡᠯᠡᠨ᠂ ᠲᠡᠷᠡ ᠬᠠᠪᠢ ᠶᠢ ᠰᠢᠷ᠎ᠠ ᠦᠡᠭᠭᠡ ᠪᠠᠷ ᠪᠤᠳᠤᠭᠰᠠᠨ ᠶᠤᠮ ᠰᠢᠭ ᠪᠤᠯᠭᠠᠳᠠᠭ ᠨᠢ ᠰᠠᠶᠢᠬᠠᠨ᠃ ᠬᠠᠷᠭᠠᠨ᠎ᠠ ᠶᠢᠨ ᠴᠡᠴᠡᠭ ᠪᠦᠬᠦᠳᠡ ᠠᠯᠳᠠᠨ ᠰᠢᠷᠭᠠᠯ ᠦᠡᠭᠭᠡ ᠲᠠᠢ ᠴᠤ ᠠᠯᠳᠠᠨ ᠬᠠᠷᠭᠠᠨ᠎ᠠ ᠲᠡᠷᠡ ᠴᠢᠭ ᠢᠶᠠᠷ ᠢᠶᠠᠨ ᠠᠯᠳᠠᠨ ᠰᠢᠷᠭᠠᠯ᠂ ᠲᠡᠭᠦᠨ ᠤ ᠡᠰᠢ ᠨᠢ ᠠᠯᠳᠠᠨ ᠰᠢᠷᠭᠠᠯ᠂ ᠨᠠᠪᠴᠢ ᠨᠢ ᠴᠤ ᠠᠯᠳᠠᠨ ᠰᠢᠷᠭᠠᠯ᠂ ᠴᠡᠴᠡᠭ ᠲᠠᠰᠤᠳᠠᠨ ᠢᠳᠡᠭᠰᠡᠨ ᠮᠠᠯ ᠤᠨ ᠤᠷᠤᠭᠤᠯ ᠠᠯᠳᠠᠨ ᠰᠢᠷᠭᠠᠯ᠃ ᠠᠯᠳᠠᠨ ᠬᠠᠷᠭᠠᠨ᠎ᠠ ᠲᠠᠪᠠᠭᠯᠠᠵᠤ᠂ ᠨᠢᠭᠡ ᠦᠨᠳᠦᠰᠦ ᠠᠴᠠ ᠤᠯᠠᠨ ᠰᠢᠯᠤᠭᠤᠨ ᠰᠠᠯᠠᠭ᠎ᠠ ᠭᠠᠷᠤᠨ᠎ᠠ᠃ ᠰᠠᠯᠠᠭ᠎ᠠ ᠪᠦᠷᠢ ᠠᠴᠠ ᠨᠢ ᠤᠯᠠᠨ ᠮᠦᠴᠢᠷ ᠭᠠᠷᠴᠤ᠂ ᠮᠦᠴᠢᠷ ᠪᠦᠷᠢ ᠠᠴᠠ ᠨᠢ ᠤᠯᠠᠨ ᠨᠠᠪᠴᠢ ᠨᠠᠬᠢᠶᠠᠯᠠᠨ᠎ᠠ᠃ ᠨᠠᠪᠴᠢ ᠨᠢ ᠤᠷᠳᠤᠯᠵᠢᠨ ᠵᠤᠤᠪᠠᠨᠭ᠌ ᠬᠡᠯᠪᠡᠷᠢ ᠲᠠᠢ᠃ ᠴᠡᠴᠡᠭᠡᠰ ᠨᠢ ᠬᠠᠭᠠᠰ ᠰᠠᠷ᠎ᠠ ᠯᠡ ᠠᠯᠳᠠᠨ ᠠᠮᠢ ᠲᠠᠢ ᠪᠠᠶᠢᠵᠤ᠂ ᠰᠢᠵᠢᠷ ᠠᠯᠳᠠᠨ ᠴᠠᠭ ᠨᠢ ᠦᠡᠭᠭᠡᠷᠡᠬᠦ ᠪᠠᠷ ᠬᠤᠷᠪᠤᠶᠢᠵᠤ ᠠᠭᠠᠵᠢᠮ ᠠᠭᠠᠵᠢᠮ ᠢᠶᠠᠷ ᠬᠠᠳᠠᠵᠦ ᠵᠢᠪᠠᠷ ᠤᠨ ᠠᠶ᠎ᠠ ᠪᠠᠷ ᠤᠨᠠᠨ᠎ᠠ᠃ ᠴᠡᠴᠡᠭ ᠤᠷᠭᠤᠭᠰᠠᠨ ᠭᠠᠵᠠᠷ ᠠᠴᠠ ᠢᠳᠡᠭᠡ ᠰᠠᠭᠤᠵᠤ᠂ ᠲᠡᠭᠦᠨ ᠢ ᠨᠢ ᠪᠤᠷᠳᠤᠭᠤ ᠬᠡᠳᠡᠭ᠃ ᠪᠤᠷᠳᠤᠭᠤ ᠪᠦᠷᠢ ᠨᠢ ᠭᠤᠷᠪᠠ ᠠᠴᠠ ᠲᠦᠷᠪᠡᠨ ᠦᠷ᠎ᠡ ᠲᠠᠢ᠃ ᠪᠤᠷᠤ ᠪᠤᠷᠴᠠᠭ ᠤᠨ ᠢᠳᠡᠭᠡ ᠲᠠᠢ ᠠᠳᠠᠯᠢ ᠲᠠᠭᠠᠷᠴᠤᠭᠯᠠᠭᠰᠠᠨ ᠬᠠᠯᠢᠰᠤ ᠶᠢ ᠨᠢ ᠮᠠᠨ ᠤ ᠨᠤᠳᠤᠭ ᠲᠤ ᠪᠤᠷᠳᠤᠭᠤ ᠬᠡᠳᠡᠭ ᠰᠠᠨ᠃ ᠨᠠᠮᠤᠷ ᠤᠷᠤᠢ ᠪᠤᠯᠬᠤ ᠳᠤ ᠪᠤᠷᠳᠤᠭᠤ ᠪᠤᠯᠪᠠᠰᠤᠷᠠᠵᠤ᠂ ᠰᠠᠯᠠᠭ᠎ᠠ ᠮᠦᠴᠢᠷ ᠠᠴᠠ ᠲᠠᠰᠤᠷᠠᠨ ᠭᠠᠵᠠᠷ ᠤᠨᠠᠵᠤ᠂ ᠬᠤᠷᠪᠤᠶᠢᠨ ᠬᠠᠳᠠᠬᠤ ᠪᠠᠷ ᠠᠮᠠ ᠨᠢ ᠠᠩᠭᠠᠶᠢᠨ ᠦᠷ᠎ᠡ ᠨᠢ ᠰᠠᠴᠤᠭᠳᠠᠨ ᠭᠠᠷᠴᠤ ᠪᠤᠯᠠᠭᠳᠠᠨ᠂ ᠠᠮᠢ ᠠᠮᠢᠵᠢᠷᠠᠯ ᠢᠶᠠᠨ ᠲᠠᠷᠠᠭ᠎ᠠ ᠬᠠᠪᠤᠷ ᠠᠴᠠ ᠡᠬᠢᠯᠡᠨ ᠬᠦᠭᠡᠭᠡᠴᠡᠯᠳᠦᠬᠦ ᠨᠢ ᠲᠡᠷᠡ᠃ ᠲᠡᠭᠦᠨ ᠤ ᠪᠤᠷᠳᠤᠭᠤ ᠠᠵᠤ ᠠᠬᠤᠢ ᠶᠢᠨ ᠦᠨᠳᠦᠷ ᠦᠷ᠎ᠡ ᠠᠰᠢᠭ ᠲᠠᠢ ᠪᠠᠶᠢᠵᠤ᠂ ᠵᠢᠩ ᠪᠦᠷᠢ ᠳᠡᠭᠡᠨ ᠠᠷᠪᠠᠨ ᠬᠡᠳᠦᠨ ᠲᠦᠭᠦᠷᠢᠭ ᠬᠦᠷᠦᠨ᠎ᠡ᠃ ᠲᠡᠭᠦᠭᠰᠡᠨ ᠪᠤᠷᠳᠤᠭᠤ ᠪᠠᠨ ᠡᠭᠡᠭ ᠭᠠᠵᠠᠷ ᠲᠡᠯᠭᠡᠨ ᠬᠠᠳᠠᠭᠠᠬᠤ ᠳᠤ ︽ᠫᠦᠰ︕︾ ᠬᠡᠰᠡᠨ ᠬᠠᠭᠠᠷᠠᠬᠤ ᠲᠠᠭᠤ ᠭᠠᠷᠴᠤ ᠲᠡᠭᠡᠷ᠎ᠡ ᠲᠡᠭᠡᠷ᠎ᠡ ᠦᠰᠦᠷᠦᠨ᠎ᠡ᠃      ᠠᠯᠳᠠᠨ ᠬᠠᠷᠭᠠᠨ᠎ᠠ ᠪᠤᠯ ᠮᠠᠯ ᠤᠨ ᠰᠢᠮᠡᠳᠦ ᠲᠡᠵᠢᠭᠡᠯ ᠶᠤᠮ᠃ ᠠᠯᠳᠠᠨ ᠬᠠᠷᠭᠠᠨ᠎ᠠ ᠲᠠᠢ ᠪᠡᠯᠴᠢᠭᠡᠷ ᠬᠡᠵᠢᠶᠡᠳᠡ ᠪᠠᠨ ᠦᠡᠭᠰᠡᠭ᠃ ᠭᠠᠨᠭ᠌ ᠳᠤ ᠲᠡᠰᠪᠤᠷᠢᠳᠡᠢ᠂ ᠡᠪᠦᠯ ᠳᠡᠭᠡᠨ ᠨᠦᠮᠦᠷᠢ ᠲᠠᠢ᠃ ᠬᠦᠢᠳᠡᠨ ᠰᠠᠯᠬᠢ ᠰᠢᠭᠤᠷᠭ᠎ᠠ ᠪᠤᠰᠤᠯ᠎ᠠ ᠬᠡᠳ ᠲᠡᠭᠦᠨ ᠤ ᠨᠦᠮᠦᠷᠢ ᠳᠤ ᠬᠡᠪᠳᠡᠭᠰᠡᠨ ᠮᠠᠯ ᠲᠠᠶᠢᠪᠤᠭᠤ ᠬᠡᠪᠢᠨ᠂ ᠦᠯᠦ ᠲᠤᠭᠤᠨ᠎ᠠ᠃ ᠰᠠᠬᠤᠯᠢᠭ ᠮᠦᠷᠳᠡᠭᠡᠨ ᠦᠨᠳᠦᠷ ᠤᠷᠭᠤᠵᠤ᠂ ᠤᠯᠠᠩᠬᠢ ᠨᠢ ᠲᠡᠮᠡᠭᠡᠨ ᠠᠴᠠ ᠴᠤ ᠦᠨᠳᠦᠷ᠃ ᠪᠦᠳᠦᠬᠦᠨ ᠪᠦᠳᠦᠬᠦᠨ ᠠᠳᠠᠨ ᠲᠡᠮᠡᠭᠡ ᠲᠡᠭᠷᠢ ᠪᠠᠭᠠᠨᠠᠳᠠᠭᠰᠠᠨ ᠠᠯᠳᠠᠨ ᠬᠠᠷᠭᠠᠨ᠎ᠠ ᠶᠢᠨ ᠰᠤᠪᠰᠠᠭ ᠨᠠᠷᠢᠨ ᠮᠦᠭᠡᠷᠰᠦ ᠶᠢ ᠨᠢ ᠲᠠᠭᠠᠷᠢᠬᠤ ᠬᠡᠵᠤ ᠬᠦᠵᠦᠭᠦᠦ ᠰᠤᠩᠭᠠᠨ ᠤᠷᠤᠭᠤᠯ ᠢᠶᠠᠨ ᠱᠤᠪᠤᠯᠵᠠᠭᠤᠯᠤᠨ᠂ ᠢᠳᠡᠭᠦ ᠬᠡᠵᠤ ᠬᠦᠷᠴᠦ ᠶᠠᠳᠠᠨ ᠦᠨᠳᠡᠶᠢᠬᠦ ᠨᠢ ᠬᠦᠷᠳᠡᠯ᠎ᠡ ᠰᠠᠶᠢᠬᠠᠨ᠃ ᠠᠯᠳᠠᠨ ᠬᠠᠷᠭᠠᠨ᠎ᠠ ᠶᠢᠨ ᠠᠴᠢ ᠪᠠᠷ ᠡᠪᠦᠯ ᠢ ᠲᠤᠭᠤᠯᠵᠤ ᠬᠠᠪᠤᠷ ᠲᠠᠢ ᠵᠤᠯᠭᠠᠭᠰᠠᠨ ᠮᠠᠯ ᠡᠷᠳᠡ ᠬᠦᠷᠯᠡᠨ᠎ᠡ᠂ ᠲᠠᠭᠠᠬᠢ ᠦᠰᠦ ᠠᠴᠠ ᠪᠠᠨ ᠡᠷᠳᠡ ᠰᠠᠯᠤᠨ᠎ᠠ᠂ ᠮᠦᠨ ᠴᠤ ᠡᠷᠳᠡ ᠬᠦᠨᠳᠡᠶᠢᠷᠡᠨ᠎ᠡ᠃ ᠬᠠᠳᠠᠭᠤ ᠶᠢᠨ ᠮᠠᠯ ᠶᠠᠭᠠᠬᠢᠬᠤ ᠴᠤ ᠪᠤᠯᠤᠭ᠎ᠠ ᠦᠭᠡᠢ ᠪᠠᠶᠢᠬᠤ ᠳᠤ ᠠᠯᠳᠠᠨ ᠬᠠᠷᠭᠠᠨ᠎ᠠ ᠲᠠᠢ ᠪᠡᠯᠴᠢᠭᠡᠷ ᠤᠨ ᠮᠠᠯ ᠬᠦᠷᠯᠡᠴᠢᠭᠡᠭᠰᠡᠨ᠂ ᠲᠡᠨᠳᠡᠬᠢ ᠶᠢᠨ ᠠᠶᠢᠯ ᠤᠳ ᠠᠶᠢᠷᠠᠭ ᠰᠦ ᠤᠤᠭᠤᠴᠢᠬᠠᠭᠰᠠᠨ ᠰᠡᠩᠬᠢᠨᠡᠬᠦᠯᠵᠤ ᠶᠠᠪᠤᠨ᠎ᠠ᠃ ᠦᠨᠳᠦᠷ ᠢ ᠨᠢ ᠪᠤᠳᠠ ᠮᠠᠯ ᠲᠠᠭᠠᠷᠢᠵᠤ᠂ ᠪᠤᠭᠤᠨᠢ ᠶᠢ ᠨᠢ ᠪᠤᠭ ᠮᠠᠯ ᠢᠳᠡᠭᠰᠡᠭᠡᠷ ᠪᠠᠶᠢᠳᠠᠭ ᠴᠤ ᠠᠯᠳᠠᠨ ᠬᠠᠷᠭᠠᠨ᠎ᠠ ᠵᠢᠯ ᠤᠨ ᠲᠤᠷᠰᠢ ᠦᠨᠢᠷ ᠤᠷᠭᠤᠨ᠎ᠠ᠃ ᠲᠡᠭᠦᠨ ᠤ ᠨᠠᠷᠢᠨ ᠰᠤᠪᠰᠠᠭ ᠦᠵᠦᠬᠦᠷ ᠢ ᠲᠠᠭᠠᠷᠢᠵᠤ ᠬᠠᠳᠤᠨ᠂ ᠨᠡᠶᠢᠯᠡᠮᠡᠯ ᠲᠡᠵᠢᠭᠡᠯ ᠪᠤᠷᠳᠤᠭ᠎ᠠ ᠪᠤᠯᠭᠠᠵᠤ ᠮᠠᠯ ᠲᠡᠵᠢᠭᠡᠪᠡᠯ ᠬᠦᠴᠦᠯᠡᠬᠦ ᠨᠢ ᠬᠤᠷᠳᠤᠨ᠂ ᠮᠢᠬ᠎ᠠ ᠨᠢ ᠰᠢᠮ᠎ᠡ ᠰᠠᠶᠢᠳᠠᠢ᠂ ᠰᠤᠳᠤᠨ ᠠᠮᠳᠠᠳᠠᠢ ᠪᠠᠶᠢᠳᠠᠭ᠃ ᠲᠡᠷᠡ ᠵᠢᠯ ᠰᠤᠮᠤ ᠶᠢᠨ ᠬᠢᠨ ᠠᠯᠳᠠᠨ ᠬᠠᠷᠭᠠᠨ᠎ᠠ ᠪᠠᠨ ᠬᠠᠮᠠᠭᠠᠯᠠᠨ᠎ᠠ ᠬᠡᠵᠤ ᠲᠡᠮᠤᠷ ᠤᠳᠠᠰᠤᠨ ᠲᠤᠤᠷ ᠲᠠᠳᠠᠵᠤ ᠭᠡᠨ᠎ᠡ᠃ ᠠᠩᠬᠠᠨ ᠤ ᠵᠢᠯ ᠴᠤ ᠦᠨᠢᠷ ᠤᠷᠭᠤᠵᠤ ᠰᠤᠮᠤ ᠶᠢᠨ ᠬᠢᠨ ᠢ ᠬᠠᠭ᠎ᠠ ᠪᠠᠶᠠᠷᠯᠠᠭᠤᠯᠵᠤ ᠬᠡᠨ᠎ᠡ᠃ ᠲᠠᠷᠠᠭ᠎ᠠ ᠵᠢᠯ ᠠᠴᠠ ᠤᠷᠭᠤᠴᠠ ᠨᠢ ᠰᠤᠯᠠᠷᠠᠵᠤ᠂ ᠭᠤᠷᠪᠠᠳᠤᠭᠠᠷ ᠵᠢᠯ ᠪᠤᠯᠬᠤ ᠳᠤ ᠡᠬᠢᠯᠡᠨ ᠬᠠᠳᠠᠵᠤ ᠦᠭᠦᠬᠦ ᠪᠠᠷ ᠰᠤᠮᠤᠨ ᠤ ᠬᠢᠨ ᠪᠤᠷᠤᠭᠤᠳᠠᠭᠰᠠᠨ ᠢᠶᠠᠨ ᠮᠡᠳᠡᠵᠤ ᠤᠳᠠᠰᠤᠨ ᠬᠦᠷᠢᠶ᠎ᠡ ᠪᠠᠨ ᠴᠤᠴᠠᠯᠠᠵᠤ ᠠᠪᠬᠤ ᠪᠠᠷ ᠠᠯᠳᠠᠨ ᠬᠠᠷᠭᠠᠨ᠎ᠠ ᠠᠬᠢᠭᠠᠳ ᠯᠡ ᠴᠤᠭ ᠵᠢᠪᠬᠤᠭ᠎ᠠ ᠪᠠᠨ ᠰᠡᠷᠭᠦᠭᠡᠭᠰᠡᠨ ᠶᠤᠮ ᠬᠡᠵᠤ ᠠᠬᠠᠮᠠᠳ ᠬᠠᠭᠤᠴᠢᠯᠠᠵᠤ ᠪᠠᠶᠢᠭᠰᠠᠨ ᠢ ᠰᠤᠨᠤᠰᠬᠤ ᠳᠤ ᠮᠠᠯ ᠤᠨᠤᠭ᠎ᠠ ᠡᠪᠡᠰᠦ ᠤᠷᠭᠤᠮᠠᠯ ᠬᠤᠶᠠᠷ ᠬᠡᠭᠴᠢ ᠡᠶᠢᠮᠦ ᠯᠡ ᠮᠦᠡᠭᠭᠡ ᠶᠢᠨ ᠪᠠᠷᠢᠯᠳᠤᠯᠭ᠎ᠠ ᠲᠠᠢ ᠪᠠᠶᠢᠭᠰᠠᠨ ᠠᠵᠢ᠃ ᠡ᠊ᠨᠳᠡᠬᠢ ᠶᠢᠨ ᠮᠠᠯ ᠲᠠᠮᠢᠷ ᠰᠠᠶᠢᠳᠠᠢ᠂ ᠪᠡᠶ᠎ᠡ ᠰᠠᠶᠢᠳᠠᠢ᠂ ᠮᠢᠬ᠎ᠠ ᠰᠠᠶᠢᠳᠠᠢ᠃ ᠴᠢᠨᠠᠬᠤ ᠳᠤ ᠱᠦᠯᠦ ᠲᠠᠢ᠂ ᠠᠮᠳᠠ ᠰᠠᠶᠢᠳᠠᠢ ᠪᠠᠶᠢᠳᠠᠭ ᠨᠢ ᠰᠤᠨᠢᠨ᠃      ᠬᠠᠳᠠᠵᠤ ᠬᠤᠪᠠᠭ᠋ᠠᠶᠢᠷᠠᠭᠰᠠᠨ ᠠᠯᠳᠠᠨ ᠬᠠᠷᠭᠠᠨ᠎ᠠ ᠪᠠᠷ ᠬᠤᠷᠤᠭ᠎ᠠ ᠬᠤᠳᠠ ᠪᠠᠷᠢᠵᠤ ᠪᠤᠯᠬᠤ ᠮᠦᠷᠳᠡᠭᠡᠨ ᠬᠠᠪᠤᠳᠠᠢ ᠰᠠᠶᠢᠨ ᠲᠦᠯᠡᠰᠢ ᠪᠤᠯᠳᠠᠭ ᠶᠤᠮ᠃ ᠠᠯᠳᠠᠨ ᠬᠠᠷᠭᠠᠨ᠎ᠠ ᠪᠠᠷ ᠪᠠᠷᠢᠭᠰᠠᠨ ᠬᠤᠷᠤᠭ᠎ᠠ ︽ᠵᠤᠨ ᠳᠠᠭᠠᠨ ᠰᠡᠷᠢᠭᠦᠨ᠂ ᠡᠪᠦᠯ ᠳᠡᠭᠡᠨ ᠲᠤᠯᠠᠭᠠᠬᠠᠨ︾᠃ ᠬᠠᠪᠤᠷ ᠤᠨ ᠰᠠᠯᠬᠢ ᠬᠠᠪᠢᠷᠭ᠎ᠠ ᠨᠡᠪᠳᠡ ᠴᠤ ᠲᠡᠭᠦᠨ ᠤ ᠨᠦᠮᠦᠷᠢ ᠨᠦᠭᠡᠯᠭᠡ ᠳᠤ ᠬᠡᠪᠳᠡᠭᠰᠡᠨ ᠮᠠᠯ ᠭᠤᠷᠪᠠ ᠵᠢᠰᠦ ᠶᠢᠨ ᠬᠦᠢᠳᠡᠨ ᠢ ᠴᠤ ᠲᠤᠭᠤᠬᠤ ᠦᠭᠡᠢ᠃ ︽ᠰᠠᠷᠭᠠᠢ ᠴᠡᠴᠡᠭ ᠰᠤᠳᠤᠬᠠᠨ ᠴᠤ ᠦᠨᠳᠦᠰᠦ ᠶᠢ ᠨᠢ ᠬᠢᠴᠢᠶᠡᠭᠡᠷᠡᠢ︾ ᠬᠡᠰᠡᠨ ᠦᠭᠡ ᠪᠠᠶᠢᠳᠠᠭ᠃ ᠠᠯᠳᠠᠨ ᠬᠠᠷᠭᠠᠨ᠎ᠠ ᠶᠢᠨ ᠡᠰᠢ ᠰᠠᠯᠠᠭᠠᠨ ᠳᠤ ᠴᠤ ᠦᠷᠭᠡᠰᠦ ᠲᠠᠢ ᠪᠤᠯᠬᠤᠷ ᠭᠠᠷ ᠬᠤᠷᠤᠭᠤ ᠶᠢ ᠠᠮᠠᠷᠬᠠᠨ ᠬᠠᠳᠬᠤᠨ᠎ᠠ᠃ ᠲᠡᠭᠦᠬᠦ ᠳᠡᠭᠡᠨ ᠡᠨᠡ ᠪᠦᠬᠦᠨ ᠢ ᠠᠩᠬᠠᠷᠬᠤ ᠦᠭᠡᠢ ᠪᠤᠯ ᠵᠢᠵᠢᠭᠭᠡᠨ ᠦᠷᠭᠡᠰᠦ ᠨᠢ ᠮᠢᠬᠠᠨ ᠳᠤ ᠰᠢᠬᠢᠳᠴᠤ ᠨᠢᠭᠡ ᠮᠡᠳᠡᠬᠦ ᠳᠤ ᠪᠤᠭᠯᠠᠴᠢᠬᠠᠭᠰᠠᠨ᠂ ᠵᠤᠪᠠᠭᠤᠷᠢ ᠲᠠᠭᠤᠳᠠᠨ᠎ᠠ᠃ ᠤᠨᠠᠵᠤ ᠬᠤᠭᠤᠷᠠᠭᠰᠠᠨ ᠠᠯᠳᠠᠨ ᠬᠠᠷᠭᠠᠨ᠎ᠠ ᠶᠢ ᠲᠡᠭᠦᠵᠤ ᠲᠦᠯᠡᠬᠦ ᠳᠤ ᠢᠯᠴᠢ ᠰᠠᠶᠢᠳᠠᠢ᠃ ᠬᠦᠷᠴᠢᠬᠢᠨᠡᠳᠡᠯ᠎ᠡ ᠨᠤᠴᠤᠵᠤ ᠭᠠᠯ ᠤᠯᠠᠭᠠᠨ ᠲᠦᠯᠦ ᠪᠠᠳᠠᠷᠠᠨ ᠬᠡᠷ ᠲᠦᠳᠡᠭᠡᠨ ᠬᠠᠯᠠᠭᠤ ᠤᠷᠬᠢᠨ᠎ᠡ᠃ ᠬᠡᠤᠭᠡᠳ ᠤᠨ ᠪᠠᠭᠤᠤ ᠬᠢᠷᠢ ᠪᠦᠳᠦᠬᠦᠨ ᠮᠤᠳᠤᠯᠢᠭ ᠰᠠᠯᠠᠭ᠎ᠠ ᠮᠦᠴᠢᠷ ᠨᠢ ᠤᠷᠳᠤ ᠮᠦᠷᠳᠡᠭᠡᠨ ᠪᠦᠭᠡᠯᠢᠭ ᠪᠠᠶᠢᠵᠤ᠂ ᠨᠠᠷᠢᠨ ᠢᠶᠠᠷ ᠨᠢ ᠬᠦᠷᠦᠮᠡᠯ ᠬᠢᠵᠤ ᠴᠤ ᠪᠤᠯᠳᠠᠭ᠃ ᠬᠤᠳᠠ ᠬᠤᠷᠤᠭ᠎ᠠ ᠶᠢᠨ ᠠᠮᠠ ᠬᠠᠭᠠᠬᠤ᠂ ᠲᠠᠭᠯᠠᠭ᠎ᠠ ᠡᠨᠡ ᠲᠡᠷᠡ ᠵᠠᠰᠠᠬᠤ ᠳᠤ ᠰᠠᠶᠢᠨ ᠡᠳ᠋ ᠶᠤᠮ᠃ ᠦᠬᠢᠷᠡᠭᠰᠡᠨ ᠂ ᠤᠨᠠᠭᠰᠠᠨ ᠬᠠᠷᠭᠠᠨ᠎ᠠ ᠶᠢ ᠲᠡᠭᠦᠵᠤ ᠴᠤᠭᠯᠠᠭᠤᠯᠤᠨ ᠲᠦᠷᠪᠡᠯᠵᠢᠯᠡᠬᠦᠯᠦᠨ ᠦᠨᠳᠦᠷ ᠬᠤᠷᠢᠶᠠᠵᠤ ᠲᠠᠯᠪᠢᠬᠤ ᠨᠢ ᠠᠶᠢᠯ ᠤᠨ ᠭᠠᠳᠠᠨ᠎ᠠ ᠴᠢᠮᠡᠭ ᠪᠤᠯᠬᠤ ᠮᠦᠷᠳᠡᠭᠡᠨ ᠲᠦᠯᠡᠭᠡ ᠲᠦᠯᠡᠰᠢ ᠪᠤᠯᠤᠨ᠎ᠠ᠃ ᠬᠤᠷᠢᠶᠠᠭᠰᠠᠨ ᠲᠦᠯᠡᠭᠡ ᠮᠤᠳᠤᠨ ᠠᠴᠠ ᠡᠨᠡ ᠠᠶᠢᠯ ᠤᠨ ᠴᠡᠪᠡᠷ ᠴᠡᠮᠴᠡᠭᠡᠷ᠂ ᠠᠵᠢᠯᠰᠠᠭ ᠬᠢᠴᠢᠶᠡᠩᠭᠦᠢ ᠨᠢ ᠮᠡᠳᠡᠭᠳᠡᠨ᠎ᠡ᠃      ᠡᠯᠡᠰᠦᠷᠭᠡᠭ ᠭᠠᠵᠠᠷ ᠲᠤ ᠤᠷᠭᠤᠳᠠᠭ ᠲᠠᠭᠠᠨ ᠲᠡᠷᠡ ᠶᠤᠮ ᠤᠤ᠂ ᠠᠯᠳᠠᠨ ᠬᠠᠷᠭᠠᠨ᠎ᠠ ᠪᠠᠶᠢᠭᠰᠠᠨ ᠭᠠᠵᠠᠷ ᠲᠤ ᠮᠠᠩᠬ᠎ᠠ ᠪᠤᠰᠬᠤ ᠦᠭᠡᠢ᠂ ᠭᠠᠵᠠᠷ ᠤᠨ ᠬᠦᠷᠦᠰᠦ ᠬᠦᠪᠰᠦᠭᠡᠷ ᠵᠦᠭᠡᠯᠡᠨ ᠪᠠᠶᠢᠳᠠᠭ᠃ ᠲᠡᠭᠦᠨ ᠤ ᠡᠷᠡᠰ ᠴᠢᠩᠭ᠎ᠠ ᠠᠮᠢᠵᠢᠷᠠᠯ ᠤᠨ ᠬᠦᠴᠦᠨ ᠳᠤ ᠡᠯᠡᠰᠦ ᠮᠠᠩᠬ᠎ᠠ ᠲᠠᠷᠤᠭᠳᠠᠵᠤ᠂ ᠬᠦᠷᠦᠰᠦ ᠰᠢᠷᠤᠢ ᠰᠠᠶᠢᠵᠢᠷᠠᠨ᠂ ᠴᠤᠯᠢᠭᠡᠷ ᠰᠤᠯᠢ ᠤᠷᠭᠤᠵᠤ ᠪᠠᠶᠢᠳᠠᠭ ᠨᠢ ᠠᠯᠳᠠᠨ ᠬᠠᠷᠭᠠᠨ᠎ᠠ ᠳᠤ ᠲᠦᠷᠢᠮᠡᠭᠡᠢ ᠴᠢᠨᠠᠷ ᠪᠠᠶᠢᠳᠠᠭ ᠦᠭᠡᠢ ᠶᠢᠨ ᠬᠢ ᠪᠢᠵᠠ︖ ᠪᠤᠰᠤᠳ ᠲᠦᠷᠦᠯ ᠤᠨ ᠡᠪᠡᠰᠦ ᠨᠤᠭᠤᠭ᠎ᠠ ᠲᠠᠢ ᠬᠠᠮᠳᠤᠳᠠ ᠡᠪ ᠨᠠᠶᠢᠷᠰᠠᠭ ᠭᠠᠵᠠᠷ ᠦᠡᠭᠭᠡᠯᠡᠨ᠎ᠡ᠃      ᠠᠯᠳᠠᠨ ᠬᠠᠷᠭᠠᠨ᠎ᠠ ᠶᠢ ᠤᠯᠠᠮ ᠴᠤ ᠤᠮᠤᠭ ᠰᠦᠷ ᠲᠠᠢ ᠪᠤᠯᠭᠠᠳᠠᠭ ᠨᠢ ᠰᠢᠷ᠎ᠡ ᠬᠦᠷᠡᠭᠡ ᠶᠤᠮ᠃ ᠡᠪᠡᠰᠦ ᠪᠤᠳᠠᠨ ᠤ ᠲᠤᠮᠳᠠᠭᠤᠷ ᠰᠦᠷ ᠰᠠᠷ ᠬᠡᠮᠡᠨ ᠬᠦᠶᠦᠳᠡᠭ ᠮᠦᠯᠬᠦᠭᠴᠢ ᠲᠡᠷᠡ ᠠᠮᠢᠳᠠᠨ ᠬᠤᠨᠢᠨ ᠬᠦᠷᠪᠡᠯ ᠠᠴᠠ ᠪᠠᠭ᠎ᠠ ᠯᠡ ᠶᠡᠭᠡ ᠮᠦᠷᠳᠡᠭᠡᠨ ᠤᠷᠳᠤ ᠪᠤᠯᠪᠠᠴᠤ ᠤᠨᠢᠭᠠᠷ ᠨᠢᠳᠤ᠂ ᠤᠷᠳᠤᠯᠵᠢᠨ ᠲᠤᠯᠤᠭᠠᠢ᠂ ᠴᠤᠬᠤᠷ ᠭᠠᠯ ᠰᠢᠷᠭᠠᠯ ᠪᠡᠶ᠎ᠡ ᠨᠢ ᠬᠠᠷᠬᠢᠰ ᠲᠤᠭᠰᠢᠨ ᠬᠠᠷᠠᠭᠳᠠᠨ᠎ᠠ᠃ ᠬᠤᠳᠠᠴᠢ ᠨᠤᠬᠠᠢ ᠮᠡᠳᠦ ᠠᠯᠳᠠᠨ ᠬᠠᠷᠭᠠᠨ᠎ᠠ ᠪᠠᠷ ᠨᠤᠳᠤᠭᠯᠠᠨ ᠬᠠᠯᠳᠠᠰᠢ ᠬᠠᠶᠢᠵᠤ ᠠᠭᠤᠷ ᠢ ᠨᠢ ᠬᠦᠷᠭᠡᠪᠡᠯ ᠬᠦᠮᠦᠨ ᠮᠠᠯ ᠢ ᠬᠦᠭᠡᠭᠡᠵᠤ ᠲᠠᠭᠤᠨ᠂ ᠬᠠᠯᠠᠭᠤᠨ ᠡᠯᠡᠰᠦᠨ ᠲᠡᠭᠡᠷ᠎ᠡ ᠲᠡᠯᠪᠡᠷᠡᠭᠡᠳ ᠦᠰᠦᠷᠦᠭᠰᠡᠨ ᠲᠤᠰᠤᠯ ᠨᠢ ᠪᠡᠶ᠎ᠡ ᠳᠤ ᠬᠦᠷᠪᠡᠯ ᠬᠠᠪᠤᠳᠠᠷ ᠪᠤᠯᠳᠠᠭ ᠬᠡᠰᠡᠨ᠃ ᠲᠦᠯᠡᠭᠡ ᠮᠤᠳᠤ ᠲᠡᠭᠦᠵᠤ ᠤᠶᠢᠷᠠᠳᠬᠤ ᠳᠤ ᠬᠠᠷᠭᠠᠨ᠎ᠠ ᠶᠢᠨ ᠲᠤᠳᠤᠷ᠎ᠠ ᠠᠴᠠ ᠤᠨᠢᠭᠠᠷ ᠬᠤᠶᠠᠷ ᠨᠢᠳᠤ ᠪᠠᠷ ᠦᠭᠡᠳᠡ ᠴᠢᠨᠢ ᠴᠤᠭᠤᠷᠠᠳᠠᠯ᠎ᠠ ᠰᠢᠷᠳᠡᠵᠤ ᠪᠠᠶᠢᠬᠤ ᠳ᠋ᠠ᠃ ᠡᠨᠡ ᠦᠶ᠎ᠡ ᠳᠤ ᠲᠤᠳᠤᠷ᠎ᠠ ᠵᠢᠷᠢᠰ ᠬᠡᠵᠤ᠂ ᠠᠶᠤᠬᠤ ᠦᠭᠡᠢ ᠬᠡᠰᠡᠨ ᠴᠤ ᠠᠶ᠎ᠠ ᠦᠭᠡᠢ ᠬᠡᠭᠴᠢ ᠪᠤᠯᠤᠨ᠎ᠠ᠃      ᠪᠢ ᠬᠠᠷᠭᠠᠨ᠎ᠠ ᠶᠢᠨ ᠲᠤᠳᠤᠷ᠎ᠠ ᠠᠴᠠ ᠠᠯᠳᠠᠨ ᠬᠠᠷᠭᠠᠨ᠎ᠠ ᠶᠢ ᠢᠯᠡᠬᠦᠦ ᠪᠠᠭ᠋ᠠᠷᠬᠠᠳᠠᠭ ᠨᠢ ᠦᠨᠡᠨ᠃ ᠲᠡᠭᠦᠨ ᠳᠤ ᠡᠶᠢᠮᠦ ᠡᠷᠬᠢᠮᠰᠦᠭ ᠴᠢᠨᠠᠷ ᠪᠠᠶᠢᠳᠠᠭ ᠲᠤ᠂ ᠡᠰᠡᠬᠦᠯ᠎ᠡ ᠮᠢᠨᠤ ᠨᠤᠳᠤᠭ ᠲᠤ ᠤᠯᠠᠨ ᠤᠷᠭᠤᠳᠠᠭ ᠲᠤ ᠪᠤᠯᠪᠠ ᠤᠤ︖ ᠲᠡᠷᠡ ᠪᠤᠯ ᠲᠡᠯᠡᠭᠡᠢ ᠴᠢᠮᠡᠭᠰᠡᠨ ᠤᠷᠳᠤ ᠨᠠᠰᠤᠳᠠᠢ ᠤᠷᠭᠤᠮᠠᠯ᠃ ᠬᠦᠮᠦᠨ ᠮᠠᠯ ᠤᠨ ᠬᠠᠶᠢᠷ᠎ᠠ ᠶᠢ ᠪᠤᠯᠢᠶᠠᠭᠰᠠᠨ ᠪᠤᠳᠠ ᠶᠤᠮ᠃ ᠶᠡᠷᠦ ᠨᠢ ᠡᠨᠡ ᠲᠡᠯᠡᠭᠡᠢ ᠳᠤ ᠬᠡᠷᠡᠭ ᠦᠭᠡᠢ᠂ ᠢᠯᠡᠬᠦᠴᠡ᠂ ᠦᠨ᠎ᠡ ᠦᠭᠡᠢ ᠶᠠᠭᠤᠮ᠎ᠠ ᠪᠠᠶᠢᠳᠠᠭ ᠶᠤᠮ ᠤᠤ︖ ᠤᠷᠤᠰᠢᠨ ᠲᠤᠭᠳᠠᠬᠤ ᠲᠡᠷᠡ ᠪᠤᠯᠭᠠᠨ ᠳᠤ ᠦᠪᠡᠷ ᠦᠪᠡᠷ ᠤᠨ ᠬᠡᠬᠦ ᠡᠭᠦᠷᠭᠡ ᠬᠠᠷᠢᠭᠤᠴᠠᠯᠭ᠎ᠠ᠂ ᠲᠤᠰᠢᠶᠠᠯ ᠮᠢᠨᠳᠠᠭ ᠢ ᠲᠡᠭᠷᠢ ᠭᠠᠵᠠᠷ ᠲᠡᠭᠦᠨ ᠳᠤ ᠲᠠᠭᠤ ᠦᠭᠡᠢ ᠤᠯᠭᠤᠴᠢᠬᠠᠭᠰᠠᠨ ᠪᠠᠶᠢᠳᠠᠭ ᠨᠢ ᠦᠨᠡᠨ ᠰᠠᠨ᠃ 
ᠢᠷᠡᠯᠲᠡ᠄ ᠤᠷᠳᠤᠰ ᠤᠨ ᠡᠳᠤᠷ ᠤᠨ ᠰᠤᠨᠢᠨ