ᠬᠦᠳᠡᠯᠮᠤᠷᠢ
ᠨᠡᠶᠢᠲᠡᠯᠡᠭᠰᠡᠨ ᠴᠠᠭ᠄
2024/7/23
                          ● ᠬᠠᠶᠢᠷᠭᠤᠴᠠᠢ   ᠬᠦᠳᠡᠯᠮᠤᠷᠢ ᠪᠠᠶ᠎ᠠ ᠮᠠᠬᠠᠪᠤᠳ ᠢ ᠴᠢᠬᠢᠷᠠᠭᠵᠢᠭᠤᠯᠳᠠᠭ ᠰᠢᠳᠢ ᠲᠠᠢ   ᠬᠦᠳᠡᠯᠮᠤᠷᠢ ᠠᠵᠢᠯ ᠦᠢᠯᠡᠰ ᠢ ᠦᠭᠡᠳᠡᠯᠡᠭᠦᠯᠳᠡᠭ ᠤᠬᠠᠭᠠᠨ ᠲᠠᠢ   ᠬᠦᠳᠡᠯᠮᠤᠷᠢ ᠠᠶᠢᠯ ᠡᠷᠤᠭᠡ ᠶᠢ ᠪᠠᠶᠠᠵᠢᠭᠤᠯᠳᠠᠭ ᠤᠪᠠᠳᠢᠰ ᠲᠠᠢ   ᠬᠦᠳᠡᠯᠮᠤᠷᠢ ᠲᠠᠮᠢᠷ ᠬᠦᠴᠤ ᠶᠢ ᠰᠡᠯᠪᠢᠳᠡᠭ ᠴᠢᠳᠠᠯ ᠲᠠᠢ   ᠰᠠᠭᠠᠯᠢᠴᠢᠨ ᠡᠵᠢ ᠦᠨᠢᠶᠠᠨ ᠵᠡᠯᠡᠨ ᠲᠡᠭᠡᠷ᠎ᠠ ᠪᠠᠨ   ᠰᠠᠭᠠᠭᠰᠠᠨ ᠰᠦ ᠪᠠᠨ ᠬᠦᠨᠦᠭ ᠲᠦᠭᠦᠷᠡᠩ ᠪᠢᠯᠬᠠᠭᠤᠯᠵᠤ   ᠡᠷᠳᠡ ᠶᠢᠨ ᠨᠠᠷᠠ ᠶᠢ ᠰᠦᠨ ᠳᠡᠭᠡᠨ ᠮᠡᠯᠳᠡᠭᠡᠨᠡᠭᠦᠯᠵᠤ   ᠢᠷᠡᠵᠤ ᠶᠠᠪᠤᠬᠤ ᠨᠢ ᠬᠦᠳᠡᠯᠮᠤᠷᠢ ᠶᠢᠨ ᠤᠷ᠎ᠠ   ᠬᠤᠯᠠ ᠶᠢᠨ ᠪᠡᠯᠴᠢᠭᠡᠷ ᠠᠴᠠ ᠠᠳᠤᠭᠤᠳ ᠢᠶᠠᠨ ᠨᠠᠭᠠᠰᠢᠯᠠᠭᠤᠯᠬᠤ   ᠠᠪᠤ ᠶᠢᠨ ᠮᠢᠨᠢ ᠤᠷᠳᠤ ᠤᠷᠭ᠎ᠠ ᠠᠴᠠ ᠰᠤᠯᠤᠩᠭ᠎ᠠ ᠲᠠᠳᠠᠵᠤ   ᠬᠤᠯᠠᠨ ᠴᠢᠬᠢᠳᠤ ᠡᠷᠳᠡᠨᠢ ᠶᠢᠨ ᠬᠦᠯᠦᠭ ᠤᠨ ᠬᠢᠨᠢ   ᠠᠯᠬᠤᠭ᠎ᠠ ᠬᠦᠶᠤᠳᠠᠯ ᠠᠴᠠ ᠬᠦᠳᠡᠯᠮᠤᠷᠢ ᠶᠢᠨ ᠪᠦᠳᠤᠭᠡᠯ ᠲᠤᠪᠴᠢᠯᠠᠭᠳᠠᠨ᠎ᠠ   ᠬᠠᠤᠬᠢᠨ ᠭᠤᠶᠠᠳᠠᠬᠤ ᠤᠯᠠᠭᠠᠨ ᠰᠠᠯᠬᠢᠨ ᠢ ᠴᠢᠳᠤᠷᠯᠠᠵᠤ   ᠬᠠᠯᠬᠠᠪᠴᠢ ᠤᠢ ᠲᠠᠷᠢᠨ ᠡᠭᠡ ᠨᠤᠳᠤᠭ ᠢᠶᠠᠨ ᠬᠠᠮᠠᠭᠠᠯᠠᠬᠤ ᠨᠢ ᠬᠦᠳᠡᠯᠮᠤᠷᠢ   ᠬᠠᠷᠠᠭᠠᠨ ᠤ ᠦᠵᠤᠭᠦᠷ ᠲᠤ ᠨᠤᠮᠢᠨ ᠲᠠᠪᠠᠯᠭᠠᠨ ᠬᠠᠶᠠᠯᠠᠬᠤ ᠨᠢ ᠰᠠᠶᠢᠬᠠᠨ   ᠬᠠᠯᠠᠭᠤᠨ ᠵᠤᠷᠢᠭ ᠢᠶᠠᠷ ᠡᠷᠴᠢᠯᠡᠨ ᠬᠦᠳᠡᠯᠮᠤᠷᠢᠯᠡᠭᠦ ᠨᠢ ᠪᠠᠶᠠᠰᠤᠯ ᠲᠠᠢ   ᠰᠢᠵᠢᠷ ᠬᠢᠯᠪᠠᠭᠠᠨ ᠰᠠᠴᠤᠷᠠᠭᠤᠯᠤᠭᠰᠠᠨ ᠬᠦᠳᠡᠯᠮᠤᠷᠢ ᠶᠢᠨ ᠢᠨᠢᠶᠡᠮᠰᠦᠭᠯᠡᠯ   ᠰᠢᠨ᠎ᠠ ᠪᠦᠭᠦᠢ ᠲᠦᠷᠢ ᠲᠦᠷᠭᠦ ᠲᠠᠢ ᠪᠠᠨ ᠴᠢᠮ᠎ᠠ ᠤᠷᠤᠭᠤ ᠲᠦᠭᠦᠨ᠎ᠠ   ᠱᠸᠡᠭ ᠱᠸᠡᠭ ᠠᠯᠳᠠ ᠮᠦᠡᠭᠭᠦ ᠡᠳ᠋ ᠡᠷᠳᠡᠨᠢᠰ ᠲᠠᠢ ᠪᠠᠨ ᠢᠷᠡᠨ᠎ᠠ   ᠰᠢᠨᠡᠴᠢᠯᠡᠵᠤ ᠲᠡᠭᠦᠨ ᠢ ᠠᠰᠢᠭᠯᠠᠵᠤ ᠭᠡᠷᠡᠭᠯᠡᠵᠤ ᠴᠢᠳᠠᠪᠠᠯ ᠪᠤᠶᠠᠨ ᠲᠡᠷᠡ    ᠬᠦᠳᠡᠯᠮᠤᠷᠢ ᠦᠡᠭᠭᠡ ᠭᠡᠷᠡᠯ ᠲᠠᠢ ᠬᠦᠳᠡᠯᠮᠤᠷᠢ ᠬᠦᠮᠤᠨ ᠢ ᠪᠦᠳᠤᠭᠡᠳᠡᠭ   ᠬᠦᠭᠡ ᠲᠡᠭᠷᠢ ᠶᠢᠨ ᠬᠤᠷ᠎ᠠ ᠪᠤᠷᠤᠭᠠᠨ ᠳᠤ ᠲᠦᠮᠡᠨ ᠪᠤᠳᠠᠰ ᠠᠮᠢᠯᠠᠨ᠎ᠠ   ᠬᠦᠭᠵᠢᠯ ᠴᠠᠯᠬᠢᠯᠤᠭᠰᠠᠨ ᠬᠦᠳᠡᠯᠮᠤᠷᠢ ᠠᠴᠠ ᠭᠡᠰᠢᠭ ᠲᠡᠯᠭᠡᠷᠡᠨ ᠦᠷ᠎ᠠ ᠰᠠᠭᠤᠨ᠎ᠠ   ᠬᠦᠮᠤᠨ ᠪᠦᠭᠦᠳᠡᠭᠡᠷ ᠬᠦᠳᠡᠯᠮᠤᠷᠢ ᠶᠢ ᠬᠠᠶᠢᠷᠠᠯᠠᠨ ᠬᠦᠭᠵᠢᠭᠦᠯᠦᠶ᠎ᠠ᠃ 
ᠢᠷᠡᠯᠲᠡ᠄ ᠣᠷᠳᠣᠰ ᠮᠣᠩᠭᠤᠯ ᠰᠦᠯᠵᠢᠶ᠎ᠡ