1 ᠯᠡ ᠮᠢᠯᠢᠭᠷᠡᠮ ᠢᠳᠡᠬᠦ ᠳᠤ ᠬᠦᠷᠪᠡᠯ ᠠᠮᠢ ᠪᠠᠨ ᠠᠯᠳᠠᠨ᠎ᠠ ᠰᠢᠦ᠂ ᠬᠢᠴᠢᠶᠡ︕
ᠨᠡᠶᠢᠲᠡᠯᠡᠭᠰᠡᠨ ᠴᠠᠭ᠄
2024/7/23
       ᠣᠷᠴᠢᠮ ᠠᠭᠤᠷ ᠠᠮᠢᠰᠬᠤᠯ ᠠᠭᠠᠬᠢᠮ᠎ᠠ ᠬᠠᠯᠠᠭᠤᠨ ᠴᠢᠭᠢᠭᠯᠢᠭ ᠪᠤᠯᠬᠤᠷ ᠢᠳᠡᠭᠡᠨ ᠠᠮᠠᠷᠬᠠᠨ ᠢᠯᠵᠢᠷᠡᠵᠦ ᠴᠢᠨᠠᠷ ᠬᠤᠪᠢᠷᠠᠳᠠᠭ᠂ ᠠᠭᠠᠬᠢᠮ᠎ᠠ ᠬᠠᠯᠠᠭᠤᠨ ᠴᠢᠭᠢᠭᠯᠢᠭ ᠠᠭᠤᠷ ᠠᠮᠢᠰᠬᠤᠯ ᠳᠤ ᠨᠠᠷᠭᠢᠯ ᠤᠨ ᠬᠤᠣᠷᠲᠤ ᠬᠠᠭᠤᠷᠮᠠᠭ ᠲᠠᠩ ᠡᠰᠲᠦ ᠪᠠᠺᠲ᠋ᠧᠷᠢ ᠳᠤ ᠠᠮᠠᠷᠬᠠᠨ ᠪᠣᠬᠢᠷᠲᠤᠳᠠᠭ᠃ ᠲᠡᠷᠡᠴᠢᠯᠡᠨ ᠠᠮᠤᠨ ᠢᠰᠬᠡᠭᠦᠷ ᠪᠠᠺᠲ᠋ᠧᠷᠢ ᠬᠦᠴᠢᠯ ᠤᠨ ᠬᠤᠣᠷᠲᠤ ᠡᠳ᠋ ᠡᠭᠦᠰᠴᠦ᠂ ᠢᠳᠡᠬᠦ ᠳᠤ ᠬᠦᠷᠪᠡᠯ ᠠᠮᠠᠷᠬᠠᠨ ᠬᠤᠣᠷᠳᠠᠯᠭ᠎ᠠ ᠡᠭᠦᠰᠭᠡᠳᠡᠭ᠂ ᠲᠡᠷᠡ ᠮᠥᠷᠲᠡᠭᠡᠨ ᠠᠮᠤᠨ ᠢᠰᠬᠡᠭᠦᠷ ᠪᠠᠺᠲ᠋ᠧᠷᠢ ᠶᠢᠨ ᠬᠦᠴᠢᠯ ᠨᠢ ᠥᠨᠳᠥᠷ ᠳᠤᠯᠠᠭᠠᠨ ᠳᠤ ᠲᠡᠰᠪᠦᠷᠢᠲᠡᠶ ᠪᠠᠶᠢᠳᠠᠭ ᠪᠦᠭᠡᠳ ᠴᠢᠨᠠᠵᠤ ᠪᠤᠴᠠᠯᠭᠠᠬᠤ ᠳᠤ ᠴᠤ ᠬᠤᠣᠷᠲᠤ ᠴᠢᠨᠠᠷ ᠨᠢ ᠡᠪᠳᠡᠭᠳᠡᠭ ᠦᠭᠡᠢ ᠶᠤᠮ᠃ ︽ᠠᠮᠤᠨ ᠢᠰᠬᠡᠭᠦᠷ ᠪᠠᠺᠲ᠋ᠧᠷᠢ ᠶᠢᠨ ᠬᠦᠴᠢᠯ︾ ᠨᠢ ᠢᠰᠬᠡᠭᠰᠡᠨ ᠠᠮᠤ ᠪᠤᠳᠠᠭ᠎ᠠ᠂ ᠨᠠᠷᠭᠢᠯ ᠵᠢᠴᠢ ᠢᠳᠡᠭᠡᠨ ᠤ ᠪᠠᠺᠲ᠋ᠧᠷᠢ ᠵᠡᠷᠭᠡ ᠪᠣᠬᠢᠷᠲᠤᠭᠰᠠᠨ ᠤ ᠳᠠᠷᠠᠭ᠎ᠠ ᠪᠤᠢ ᠪᠤᠯᠳᠠᠭ ᠪᠦᠭᠡᠳ ᠬᠤᠤᠷᠲᠤ ᠴᠢᠨᠠᠷ ᠢᠶᠠᠷ ᠬᠡᠴᠡᠭᠦᠦ᠂ ᠥᠩᠭᠡ ᠥᠬᠡᠶ ᠦᠨᠦᠷ ᠥᠬᠡᠶ᠂ ᠬᠠᠯᠠᠭᠤᠨ ᠢ ᠳᠠᠭᠠᠭᠠᠬᠤ ᠴᠢᠨᠠᠷ ᠢᠶᠠᠷ ᠲᠦᠢᠯ ᠤᠨ ᠴᠢᠩᠭ᠎ᠠ᠂ ᠠᠶᠢᠯ ᠬᠡᠷ  ᠤᠨ ᠡᠩ ᠤᠨ ᠬᠤᠭᠤᠯᠠ ᠬᠢᠬᠦ ᠠᠷᠭ᠎ᠠ ᠪᠠᠷ ᠠᠷᠢᠯᠭᠠᠬᠤ ᠳᠤ ᠪᠡᠷᠬᠡ ᠪᠠᠶᠢᠵᠤ᠂ ᠢᠳᠡᠭᠰᠡᠨ ᠤ ᠳᠠᠷᠠᠭ᠎ᠠ ᠬᠤᠤᠷᠳᠠᠭᠳᠠᠳᠠᠭ᠃ ᠭᠤᠣᠯᠳᠠᠭᠤ ᠡᠯᠢᠭᠡ᠂ ᠲᠠᠷᠢᠬᠢ᠂ ᠪᠥᠭᠡᠷ᠎ᠡ ᠵᠡᠷᠭᠡ ᠴᠢᠬᠤᠯᠠ ᠡᠷᠬᠡᠲᠡᠨ ᠢ ᠨᠥᠯᠥᠭᠡᠯᠡᠵᠦ᠂ ᠵᠥᠪᠬᠡᠨ 1 ᠯᠡ ᠮᠢᠯᠢᠭᠷᠡᠮ ᠢᠳᠡᠬᠦ ᠳᠤ ᠬᠦᠷᠪᠡᠯ ᠳᠠᠷᠤᠢ ᠠᠮᠢᠨ ᠳᠤ ᠬᠦᠷᠳᠡᠭ᠃ ᠣᠳᠣᠬᠠᠨ ᠳᠤ᠂ ᠠᠮᠤ ᠪᠤᠳᠠᠭᠠᠨ ᠤ ᠢᠰᠬᠡᠭᠦᠷ ᠪᠠᠺᠲ᠋ᠧᠷᠢ ᠬᠦᠴᠢᠯ ᠤᠨ ᠬᠤᠣᠷᠳᠠᠭᠳᠠᠯ ᠳᠤ ᠬᠡᠷᠡᠭᠯᠡᠬᠦ ᠣᠨᠴᠠ ᠲᠤᠰᠠᠲᠠᠶ ᠡᠮᠨᠡᠨ ᠵᠠᠰᠠᠬᠤ ᠡᠮ ᠦᠭᠡᠢ ᠪᠠᠶᠢᠬᠰᠠᠭᠠᠷ ᠪᠤᠯᠬᠤᠷ ᠡᠪᠡᠳᠴᠢᠨ ᠢᠶᠠᠷ ᠦᠬᠦᠬᠦ ᠨᠣᠷᠮ᠎ᠠ ᠨᠢ ᠲᠦᠢᠯ ᠤᠨ ᠥᠨᠳᠥᠷ ᠪᠠᠶᠢᠨ᠎ᠠ᠃ ᠤᠷᠲᠤ ᠬᠤᠭᠤᠴᠠᠭ᠎ᠠ ᠪᠠᠷ ᠢᠰᠬᠡᠭᠰᠡᠨ ᠪᠤᠶᠤ ᠳᠡᠪᠲᠦᠭᠡᠭᠰᠡᠨ ᠢᠳᠡᠭᠡᠨ ᠢ ᠥᠨᠳᠥᠷ ᠬᠠᠯᠠᠭᠤᠨ ᠴᠢᠭᠢᠭᠯᠢᠭ ᠣᠷᠴᠢᠨ ᠲᠣᠭᠤᠷᠢᠨ ᠳᠤ ᠲᠠᠯᠪᠢᠪᠠᠯ ᠬᠠᠮᠤᠭ ᠠᠮᠠᠷᠬᠠᠨ ᠠᠮᠤᠨ ᠢᠰᠬᠡᠭᠦᠷ ᠪᠠᠺᠲ᠋ᠧᠷᠢ ᠶᠢᠨ ᠬᠦᠴᠢᠯ ᠪᠤᠢ ᠪᠤᠯᠳᠠᠭ᠃4 ᠲᠥᠷᠥᠯ ᠤᠨ ᠢᠳᠡᠭᠡᠨ ᠴᠢᠨᠠᠷ ᠬᠤᠪᠢᠷᠠᠪᠠᠯ ᠮᠠᠰᠢ ᠠᠶᠤᠯ ᠪᠠᠶᠢᠳᠠᠭ᠄ ᠰᠣᠶᠣᠭᠠᠯᠠᠭᠰᠠᠨ ᠲᠥᠮᠥᠰᠥ᠂ ᠸᠠᠯᠠᠭᠰᠠᠨ ᠵᠢᠮᠢᠰ᠂ ᠬᠠᠷ᠎ᠠ ᠲᠤᠯᠪᠤ ᠭᠠᠷᠤᠬᠰᠠᠨ ᠤᠯᠠᠭᠠᠨ ᠲᠥᠮᠥᠰᠥ᠂ ᠸᠠᠯᠠᠭᠰᠠᠨ ᠲᠦᠭᠦᠬᠡᠶ ᠭᠠ ᠵᠡᠷᠭᠡ ᠪᠣᠯᠤᠨ᠎ᠠ᠃ ᠡᠳᠡᠭᠡᠷ ᠢ ᠪᠢᠲᠡᠭᠡᠶ ᠢᠲᠠ︕
ᠢᠷᠡᠯᠲᠡ᠄ ᠠᠷᠠᠳ ᠤᠨ ᠰᠦᠯᠵᠢᠶ᠎ᠡ