ᠮᠢᠨᠤ ᠨᠤᠳᠤᠭ ᠴᠠᠭᠠᠨᠰᠦ᠋ᠮ᠎ᠠ
ᠨᠡᠶᠢᠲᠡᠯᠡᠭᠰᠡᠨ ᠴᠠᠭ᠄
2024/7/18
     ᠡᠪᠦᠭᠡ ᠲᠡᠭᠡᠳᠤᠰ ᠠᠴᠠ ᠦᠪᠯᠡᠭᠰᠡᠨ     ᠦᠯᠤᠭᠡᠢ ᠨᠤᠳᠤᠭ ᠴᠠᠭᠠᠨᠰᠦ᠋ᠮ᠎ᠠ ᠮᠢᠨᠢ     ᠦᠭᠡᠷ᠎ᠠ ᠭᠠᠵᠠᠷ ᠠᠴᠠ ᠢᠯᠭᠠᠭᠳᠠᠭᠰᠠᠨ     ᠦᠪᠡᠷᠮᠢᠴᠡ ᠰᠤᠨᠢᠨ ᠤᠨᠴᠠᠯᠢᠭ ᠲᠠᠢ     ᠦᠯᠤᠭᠡᠶᠢᠳᠡᠵᠤ ᠦᠰᠦᠭᠰᠡᠨ ᠨᠤᠳᠤᠭ ᠤᠨ ᠢᠶᠠᠨ     ᠦᠡᠭᠭᠡ ᠦᠵᠡᠮᠵᠢ ᠶᠢ ᠨᠢ ᠪᠠᠭ᠋ᠠᠷᠬᠠᠳᠠᠭ ᠶᠤᠮ     ᠦᠨᠢᠷ ᠪᠠᠶᠠᠯᠢᠭ ᠮᠠᠯᠴᠢᠳ ᠤᠨ ᠢᠶᠠᠨ     ᠦᠭᠡᠳᠡᠷᠭᠡᠭ ᠠᠮᠢᠳᠤᠷᠠᠯ ᠢ ᠨᠢ ᠲᠠᠭᠤᠯᠠᠳᠠᠭ ᠶᠤᠮ     ᠤᠰᠤᠨ ᠵᠢᠷᠤᠭ᠎ᠠ ᠮᠤᠷᠢᠳ ᠤᠨ ᠮᠢᠨᠢ     ᠤᠳᠤᠮ ᠢᠶᠠᠨ ᠲᠡᠯᠡᠭᠰᠡᠨ ᠬᠠᠨᠭ᠍ᠭᠠᠢ ᠶᠤᠮ     ᠤᠷᠭᠤᠭ᠎ᠠ ᠪᠤᠰᠤᠭ᠎ᠠ ᠪᠦᠭᠡᠴᠤᠳ ᠤᠨ     ᠤᠮᠤᠭ ᠢ ᠨᠢ ᠡᠷᠴᠢᠯᠡᠭᠰᠡᠨ ᠵᠤᠷᠢᠭ ᠶᠤᠮ     ᠰᠦᠮᠡᠶᠢᠭᠦ ᠵᠡᠷᠭᠡᠯᠭᠡᠨ ᠠᠯᠤᠰ ᠲᠤ ᠴᠡᠩᠭᠡᠷᠯᠡᠭᠦ     ᠰᠦᠨ ᠦᠨᠤᠷᠳᠠᠢ ᠵᠢᠷᠤᠭᠡᠨ ᠤ ᠭᠡᠯᠬᠢᠶ᠎ᠠ     ᠰᠠᠨᠠᠬᠤ ᠶᠢᠨ ᠡᠷᠭᠡᠨ ᠳᠤ ᠪᠤᠳᠤᠭᠳᠠᠭᠠᠳ ᠪᠠᠶᠢᠳᠠᠭ     ᠰᠡᠳᠬᠢᠯ ᠳᠤ ᠤᠶᠠᠭᠠᠳᠠᠢ ᠬᠠᠶᠢᠷ᠎ᠠ ᠶᠢᠨ ᠦᠯᠤᠭᠡᠢ     ᠡᠷᠳᠡᠮ ᠮᠡᠳᠡᠯᠭᠡ ᠶᠢ ᠰᠠᠶᠢᠨ ᠰᠤᠷᠤᠭᠠᠳ     ᠦᠢᠯᠡᠰᠴᠢ ᠬᠦᠮᠤᠨ ᠪᠤᠯᠤᠨ᠎ᠠ ᠪᠢ     ᠡᠭᠡ ᠨᠤᠳᠤᠭ ᠢᠶᠠᠨ ᠬᠠᠮᠠᠭᠠᠯᠠᠭᠠᠳ     ᠡᠵᠡᠨ ᠨᠢ ᠪᠤᠯᠵᠤ ᠵᠢᠷᠭᠠᠨ᠎ᠠ ᠪᠢ᠃      ᠬᠦᠭᠡ ᠤᠭᠳᠠᠷᠭᠤᠢ     ᠨᠤᠮᠢᠨ ᠬᠦᠭᠡ ᠤᠭᠳᠠᠷᠭᠤᠢ     ᠴᠠᠭᠠᠨ ᠡᠭᠦᠯᠡᠨ ᠴᠢᠮᠡᠭ ᠲᠠᠢ     ᠨᠤᠭᠤᠭᠠᠨ ᠲᠤᠩᠭᠠᠯᠠᠭ ᠨᠠᠭᠤᠷ ᠨᠢ     ᠰᠢᠯ ᠪᠤᠯᠤᠷ ᠢᠶᠠᠷ ᠲᠤᠯᠢᠳᠠᠨ᠎ᠠ     ᠬᠠᠶᠢᠷ᠎ᠠ ᠶᠢᠨ ᠴᠠᠭᠠᠨ ᠲᠠᠭᠳᠠᠭ᠎ᠠ     ᠲᠠᠯᠠᠪᠴᠢ ᠪᠠᠨ ᠲᠡᠯᠭᠡᠭᠦ ᠨᠢ ᠴᠡᠴᠡᠭ ᠰᠢᠭ     ᠬᠠᠨᠠᠭᠠᠷ ᠲᠤᠷᠭᠠᠨ ᠡᠯᠢᠭᠡᠨ ᠳᠤᠨᠢ     ᠲᠡᠭᠵᠢᠨ ᠭᠡᠤᠭᠡᠳ ᠤᠨ ᠢᠨᠢᠶᠡᠳᠤ ᠰᠢᠭ     ᠴᠡᠩᠭᠡᠷ ᠬᠦᠭᠡ ᠤᠭᠳᠠᠷᠭᠤᠢ ᠳᠤ     ᠨᠠᠷᠠ ᠮᠦᠰᠢᠶᠠᠵᠤ ᠨᠠᠭᠠᠰᠢᠯᠠᠨ᠎ᠠ     ᠨᠠᠷᠮᠠᠢ ᠮᠤᠩᠭᠤᠯ ᠤᠨ ᠭᠡᠤᠭᠡᠳ ᠤᠳ     ᠤᠭᠳᠠᠷᠭᠤᠢ ᠶᠢᠨ ᠬᠦᠭᠡ ᠲᠡᠭᠡᠷ᠎ᠠ ᠲᠤᠭᠯᠠᠨ᠎ᠠ᠃ 
ᠢᠷᠡᠯᠲᠡ᠄ ᠣᠷᠳᠣᠰ ᠮᠣᠩᠭᠤᠯ ᠰᠦᠯᠵᠢᠶ᠎ᠡ