ᠤᠪᠤᠭᠠᠨ ᠨᠠᠶᠢᠷ
ᠨᠡᠶᠢᠲᠡᠯᠡᠭᠰᠡᠨ ᠴᠠᠭ᠄
2024/7/12
        ᠮᠤᠩᠭᠤᠯᠴᠤᠳ ᠴᠢᠯᠠᠭᠤ᠂ ᠮᠤᠳᠤ᠂ ᠪᠤᠷᠭᠠᠰᠤ᠂ ᠵᠦᠯᠭᠡ᠂ ᠰᠢᠷᠤᠢ᠂ ᠲᠤᠭᠤᠰᠬ᠎ᠠ ᠪᠠ ᠴᠠᠰᠤ ᠪᠠᠷ ᠤᠪᠤᠭ᠎ᠠ ᠪᠤᠰᠬᠠᠵᠦ᠂ ᠲᠡᠭᠷᠢ᠂ ᠭᠠᠵᠠᠷ᠂ ᠯᠤᠤᠰ᠂ ᠠᠭᠤᠯᠠ ᠣᠰᠣᠨ ᠤ ᠨᠠᠪᠳᠠᠭ ᠰᠠᠪᠳᠠᠭ ᠢ ᠰᠢᠲᠦᠨ ᠲᠠᠬᠢᠳᠠᠭ ᠵᠠᠩ ᠦᠢᠯᠡ᠃ ᠣᠪᠣᠭ᠎ᠠ ᠪᠤᠯ ᠮᠤᠩᠭᠤᠯᠴᠤᠳ ᠤᠨ ᠡᠷᠲᠡ ᠢᠵᠠᠭᠤᠷ ᠤᠨ ᠡᠪᠦᠭᠡ ᠳᠡᠭᠡᠳᠦᠰ ᠠᠴᠠ ᠤᠯᠠᠮᠵᠢᠯᠠᠬᠳᠠᠬᠰᠠᠨ ᠵᠦᠭ ᠴᠢᠭ᠂ ᠠᠭᠤᠯᠠ ᠣᠰᠣᠨ ᠤ ᠬᠠᠭᠠᠯᠪᠤᠷᠢ᠂ ᠭᠤᠤ ᠭᠠᠩᠭ᠎ᠠ ᠪᠡᠷᠬᠡ ᠪᠠᠷᠲᠠᠭᠠᠨ ᠤ ᠲᠡᠮᠳᠡᠭ ᠶᠤᠮ᠃ ᠮᠦᠨ ᠴᠦ ᠮᠤᠩᠭᠤᠯᠴᠤᠳ  ᠤᠨ ᠦᠨᠦ ᠣᠳᠠᠭᠠᠨ ᠤ ᠲᠡᠭᠷᠢ᠂ ᠭᠠᠵᠠᠷ᠂ ᠯᠤᠤᠰ᠂ ᠪᠤᠷᠬᠠᠨ ᠰᠠᠬᠢᠭᠤᠯᠰᠤᠨ ᠳᠤ ᠲᠠᠬᠢᠯ ᠲᠠᠪᠢᠭ ᠡᠷᠭᠦᠳᠡᠭ ᠶᠠᠨᠳᠠᠷ ᠪᠤᠯᠤᠨ᠎ᠠ᠃ ᠲᠡᠳᠡᠨᠦᠰ ᠴᠢᠯᠠᠭᠤ᠂ ᠮᠤᠳᠤ᠂ ᠪᠤᠷᠭᠠᠰᠤ᠂ ᠵᠦᠯᠭᠡ᠂ ᠰᠢᠷᠤᠢ᠂ ᠲᠤᠭᠤᠰᠬ᠎ᠠ ᠪᠠ ᠴᠠᠰᠤ ᠶᠢ ᠤᠪᠤᠭᠠᠯᠠᠵᠦ ᠤᠪᠤᠭ᠎ᠠ ᠪᠤᠰᠬᠠᠳᠠᠭ᠃ ᠮᠤᠩᠭᠤᠯᠴᠤᠳ ᠤᠨ ᠡᠷᠲᠡᠨ ᠤ ᠡᠪᠦᠭᠡ ᠳᠡᠭᠡᠳᠦᠰ ᠠᠭᠤᠯᠠ ᠣᠰᠣ᠂ ᠪᠡᠷᠬᠡ ᠪᠠᠷᠲᠠᠭ᠎ᠠ᠂ ᠭᠠᠴᠠᠭ᠎ᠠ ᠪᠠᠷ ᠵᠤᠷᠴᠢᠬᠤ ᠳᠠᠭᠠᠨ ᠬᠡᠳᠦᠨ ᠴᠢᠯᠠᠭᠤ ᠮᠤᠳᠤ ᠤᠪᠤᠭᠠᠯᠠᠵᠦ ᠲᠡᠮᠳᠡᠭ ᠪᠤᠯᠭᠠᠵᠦ ᠲᠠᠯᠪᠢᠳᠠᠭ ᠪᠠᠶᠢᠵᠠᠢ᠃ ᠪᠠᠰᠠ ᠲᠡᠭᠷᠢ᠂ ᠭᠠᠵᠠᠷ ᠪᠤᠯᠤᠨ ᠪᠠᠶᠢᠭᠠᠯᠢ ᠶᠢᠨ ᠶᠠᠩᠵᠦ ᠪᠦᠷᠢ ᠶᠢᠨ ᠦᠵᠡᠭᠳᠡᠯ ᠢ ᠡᠯᠳᠡᠪ ᠢᠶᠠᠷ ᠲᠠᠭᠠᠮᠠᠬᠯᠠᠵᠦ᠂ ᠲᠡᠭᠦᠨ  ᠢ ᠪᠦᠷ ᠨᠢᠭᠤᠴᠠ ᠳᠠᠯᠳᠠ ᠶᠢᠨ ᠷᠢᠳᠢ ᠰᠢᠳᠢ ᠲᠠᠢ ᠡᠵᠡᠳ ᠰᠠᠬᠢᠭᠤᠯᠰᠤᠨ ᠲᠠᠢ ᠭᠡᠵᠦ ᠲᠦᠰᠦᠭᠡᠯᠡᠵᠦ ᠢᠲᠡᠭᠡᠭᠡᠳ ᠭᠡᠳᠦᠨ ᠴᠢᠯᠠᠭᠤ ᠤᠪᠤᠭᠠᠯᠠᠵᠦ ᠪᠠᠯᠠᠷᠯᠢᠭ ᠦᠶ᠎ᠡ ᠶᠢᠨ ᠲᠠᠬᠢᠯ ᠮᠦᠷᠭᠦᠯ ᠦᠢᠯᠡᠳᠴᠦ ᠪᠠᠶᠢᠵᠠᠢ᠃ ᠢᠩᠬᠢᠭᠡᠳ ᠡᠨᠡ ᠬᠦ ᠤᠪᠤᠭ᠎ᠠ ᠨᠢ ᠮᠤᠩᠭᠤᠯᠴᠤᠳ ᠤᠨ ᠲᠡᠭᠷᠢ᠂ ᠭᠠᠵᠠᠷ᠂ ᠯᠤᠤᠰ ᠢ ᠰᠢᠲᠦᠵᠦ ᠲᠠᠬᠢᠬᠤ ᠶᠠᠨᠳᠠᠷ ᠪᠤᠯᠵᠠᠢ᠃ ᠮᠤᠩᠭᠤᠯᠴᠤᠳ  ᠤᠨ ᠤᠪᠤᠭ᠎ᠠ ᠲᠠᠬᠢᠯᠭ᠎ᠠ ᠨᠢ ᠮᠦᠨ ᠴᠦ ᠠᠭᠤᠯᠠ ᠬᠠᠶᠢᠷᠬᠠᠨ᠂ ᠭᠤᠤᠯ ᠣᠰᠣ᠂ ᠡᠪᠡᠰᠦ ᠮᠤᠳᠤ ᠪᠠᠨ ᠬᠠᠶᠢᠷᠠᠯᠠᠨ ᠬᠠᠮᠠᠭᠠᠯᠠᠬᠰᠠᠨ ᠴᠢᠬᠤᠯᠠ ᠠᠵᠢᠯᠯᠠᠭᠠᠨ ᠪᠤᠯᠬᠤ ᠶᠤᠮ᠃ ᠮᠤᠩᠭᠤᠯᠴᠤᠳ ᠤᠨ ᠣᠪᠤᠭ᠎ᠠ ᠪᠤᠰᠬᠠᠵᠦ ᠲᠠᠬᠢᠯ ᠲᠠᠪᠢᠭ ᠡᠷᠭᠦᠳᠡᠭ ᠵᠠᠩ ᠦᠢᠯᠡ ᠬᠡᠳᠦᠨ ᠮᠢᠩᠭᠠᠨ ᠵᠢᠯ ᠤᠨ ᠲᠡᠤᠬᠡ ᠲᠠᠢ ᠪᠤᠯᠵᠠᠢ᠃ ᠡᠷᠲᠡ ᠢᠵᠠᠭᠤᠷ ᠠᠴᠠ ᠮᠤᠩᠭᠤᠯᠴᠤᠳ  ᠤᠨ ᠡᠪᠦᠭᠡ ᠳᠡᠭᠡᠳᠦᠰ ᠤᠨ ᠣᠷᠣᠰᠢᠨ ᠨᠤᠲᠤᠬᠰᠢᠵᠦ ᠪᠠᠶᠢᠬᠰᠠᠨ ᠭᠤᠯᠤᠮᠲᠠ ᠨᠤᠲᠤᠭ ᠳᠡᠭᠡᠷ᠎ᠡ ᠤᠯᠠᠷᠢᠨ ᠬᠤᠪᠢᠷᠠᠵᠦ ᠮᠠᠨᠳᠤᠨ ᠮᠦᠬᠦᠵᠦ ᠪᠠᠶᠢᠬᠰᠠᠨ ᠡᠷᠲᠡᠨ ᠤ ᠤᠮᠠᠷᠠᠲᠤ ᠦᠨᠳᠦᠰᠦᠲᠡᠨ ᠨᠦᠭᠦᠳ ᠠᠭᠤᠯᠠ ᠬᠠᠶᠢᠷᠬᠠᠨ ᠢᠶᠠᠨ ᠲᠠᠬᠢᠵᠦ ᠪᠠᠶᠢᠬᠰᠠᠨ ᠤᠯᠠ ᠮᠦᠷ ᠰᠤᠷᠪᠤᠯᠵᠢ ᠪᠢᠴᠢᠭ ᠤᠨ ᠲᠡᠮᠳᠡᠭᠯᠡᠯ ᠳᠤ ᠢᠯᠡᠷᠡᠵᠦ ᠪᠤᠢ᠃ ︽ᠰᠤᠳᠤᠷ ᠲᠡᠮᠳᠡᠭᠯᠡᠯ᠂ ᠡᠾᠢᠦ᠋ᠩᠨᠦ ᠶᠢᠨ ᠨᠠᠮᠳᠠᠷ︾ ᠲᠤ᠄ ︽ᠲᠠᠪᠤᠳᠤᠭᠠᠷ ᠰᠠᠷ᠎ᠠ ᠳᠤ ᠯᠦᠩᠴᠧᠩ ᠬᠤᠲᠠᠨ ᠳᠡᠭᠡᠷ᠎ᠡ ᠶᠡᠭᠡ ᠴᠢᠭᠤᠯᠭᠠᠨ ᠪᠤᠯᠵᠦ ᠲᠡᠳᠡᠨ ᠤ ᠡᠪᠦᠭᠡ ᠳᠡᠭᠡᠳᠦᠰ ᠲᠡᠭᠷᠢ ᠭᠠᠵᠠᠷ ᠣᠷᠣᠨ ᠰᠠᠬᠢᠭᠤᠯᠰᠤᠨ ᠢᠶᠠᠨ ᠲᠠᠬᠢᠮᠤᠢ︾ ᠭᠡᠵᠡᠢ᠃ ᠪᠠᠰᠠ ︽ ᠵᠡᠭᠦᠨ ᠬᠠᠨ ᠤᠯᠤᠰ ᠤᠨ ᠪᠢᠴᠢᠭ︾ ᠲᠤ᠄ ︽ᠡᠾᠢᠩᠨᠤᠴᠤᠳ ᠴᠠᠭᠠᠨ ᠰᠠᠷ᠎ᠠ᠂ ᠲᠠᠪᠤᠨ ᠰᠠᠷ᠎ᠠ᠂ ᠶᠢᠰᠦᠨ ᠰᠠᠷ᠎ᠠ  ᠳᠤ ᠴᠢᠭᠤᠯᠭᠠᠨ ᠪᠤᠯᠵᠦ ᠲᠠᠬᠢᠯᠭ᠎ᠠ ᠬᠢᠬᠦ ᠳᠡᠭᠡᠨ ᠮᠤᠷᠢ ᠲᠠᠪᠬᠢᠭᠤᠯᠵᠦ ᠲᠡᠮᠡᠭᠡ ᠤᠷᠤᠯᠳᠤᠳᠠᠭ︾ ᠭᠡᠰᠡᠨ ᠲᠡᠮᠳᠡᠭᠯᠡᠯ ᠲᠠᠢ᠃ ︽ᠤᠮᠠᠷᠠᠲᠤ ᠶᠢᠨ ᠲᠡᠤᠬᠡ᠂ ᠭᠤᠤᠴᠧ  ᠶᠢᠨ ᠨᠠᠮᠳᠠᠷ︾ ᠲᠤ᠄ ︽5 ᠳ᠋ᠤᠭᠠᠷ ᠵᠠᠭᠤᠨ ᠤ ᠳᠤᠮᠳᠠᠴᠢ ᠪᠠᠷ ᠣᠮᠠᠷᠠᠲᠤ ᠸᠧᠢ ᠣᠯᠣᠰ ᠤᠨ ᠸᠧᠨ ᠶᠢᠨ ᠬᠠᠭᠠᠨ ᠤ ᠦᠶ᠎ᠡ ᠳᠤ ︿ᠲᠠᠪᠤᠨ ᠠᠶᠢᠮᠠᠭ ᠭᠤᠤᠴᠧ ᠤᠬᠰᠠᠭᠠᠲᠠᠨ﹀ ᠴᠢᠭᠤᠯᠭᠠᠨ ᠪᠤᠯᠵᠦ ᠲᠡᠭᠷᠢ ᠳᠤ ᠲᠠᠬᠢᠯᠭ᠎ᠠ ᠡᠷᠭᠦᠬᠦ ᠳᠤ ᠬᠡᠳᠦᠨ ᠲᠦᠮᠡᠨ ᠬᠦᠮᠦᠨ ᠬᠤᠷᠠᠵᠦ᠂ ᠮᠤᠷᠢ ᠣᠷᠣᠯᠳᠤᠨ᠂ ᠮᠠᠯ ᠨᠢᠳᠦᠯᠵᠦ᠂ ᠳᠠᠭᠤᠯᠠᠨ ᠨᠠᠶᠢᠷᠯᠠᠵᠦ᠂ ᠴᠡᠩᠭᠡᠯᠳᠦᠨ ᠪᠦᠵᠢᠭᠯᠡᠪᠡ︾ ᠭᠡᠵᠦ ᠲᠡᠮᠳᠡᠭᠯᠡᠵᠡᠢ᠃ ᠲᠠᠩ ᠣᠯᠣᠰ ᠤᠨ ᠶᠡᠭᠡ ᠡᠷᠳᠡᠮᠲᠡᠨ ᠶᠠᠨ ᠰᠢ ᠬᠦ᠋ ᠡᠾᠢᠦ᠋ᠩᠨᠦ ᠶᠢᠨ ᠵᠠᠩᠰᠢᠯ ᠢ  ᠲᠠᠶᠢᠯᠪᠤᠷᠢᠯᠠᠬᠤ  ᠳᠠᠭᠠᠨ᠄ ︽ᠮᠤᠳᠤᠨ ᠦᠭᠡᠢ ᠪᠤᠯᠪᠠᠰᠤ ᠣᠳᠠ ᠪᠤᠷᠭᠠᠰᠤᠨ ᠤ ᠨᠠᠮᠠᠭ᠎ᠠ ᠶᠢ ᠬᠠᠳᠬᠤᠵᠦ ᠣᠷᠣᠯᠠᠭᠤᠯᠤᠮᠤᠢ᠂ ᠤᠯᠠᠨ ᠮᠤᠷᠢᠲᠠᠨ ᠭᠤᠷᠪᠠᠨᠲᠠ ᠲᠤᠭᠤᠷᠢᠬᠰᠠᠨ ᠤ ᠳᠠᠷᠠᠭ᠎ᠠ ᠵᠤᠬᠰᠤᠮᠤᠢ᠂ ᠡᠨᠡ ᠪᠤᠯᠪᠠᠰᠤ ᠲᠡᠳᠡᠨ ᠤ ᠤᠯᠠᠮᠵᠢᠯᠠᠯᠲᠤ ᠵᠠᠩᠰᠢᠯ ᠪᠤᠯᠤᠮᠤᠢ︾ ᠭᠡᠵᠡᠢ᠃ 7 — 8 ᠳ᠋ᠤᠭᠠᠷ ᠵᠠᠭᠤᠨ ᠤ ᠦᠶ᠎ᠡ ᠳᠤ ᠣᠷᠬᠤᠨ ᠤ ᠲᠦᠷᠺᠴᠤᠳ ᠪᠤᠯᠭᠠᠨ  ᠤ ᠬᠦᠬᠡᠨ᠎ᠡ ᠬᠠᠨ ᠢ ᠲᠠᠬᠢᠵᠦ ᠪᠠᠶᠢᠬᠰᠠᠨ ᠮᠡᠳᠡᠭᠡ ᠪᠤᠢ᠃ 13 ᠳ᠋ᠣᠭᠠᠷ ᠵᠠᠭᠤᠨ  ᠤ ᠦᠶ᠎ᠡ ᠳᠤ ᠴᠢᠩᠬᠢᠰ ᠬᠠᠭᠠᠨ ᠴᠦ ᠲᠡᠭᠷᠢ ᠭᠠᠵᠠᠷ᠂ ᠠᠭᠤᠯᠠ ᠣᠰᠣ ᠶᠢ ᠲᠠᠬᠢᠵᠦ ᠪᠠᠶᠢᠵᠠᠢ᠃ ᠡᠨᠡ ᠲᠤᠬᠠᠢ ︽ ᠮᠤᠩᠭᠤᠯ ᠤᠨ ᠨᠢᠭᠤᠴᠠ ᠲᠤᠪᠴᠢᠶᠠᠨ︾ ᠤ 103 ᠳ᠋ᠣᠭᠠᠷ ᠵᠦᠢᠯ ᠳᠤ᠄ ︽ᠪᠤᠷᠬᠠᠨ ᠬᠠᠯᠳᠤᠨ ᠠᠭᠤᠯᠠ ᠶᠢ ᠦᠷᠯᠦᠭᠡ ᠪᠦᠷᠢ ᠮᠢᠯᠢᠶᠠᠰᠤᠭᠠᠢ᠂ ᠡᠳᠦᠷ ᠪᠦᠷᠢ ᠦᠴᠢᠶ᠎ᠡ᠂ ᠦᠶ᠎ᠡ ᠶᠢᠨ ᠦᠶ᠎ᠡ ᠳᠡᠭᠡᠨ ᠦᠨᠢᠲᠡ ᠲᠠᠬᠢᠰᠤᠭᠠᠢ︾ ᠭᠡᠵᠦ ᠲᠡᠮᠳᠡᠭᠯᠡᠵᠡᠢ᠃ ᠬᠠᠯᠬ᠎ᠠ ᠳᠠᠬᠢ ᠭᠡᠷᠦᠯᠦᠨ ᠤ ᠪᠠᠶᠠᠨ ᠣᠯᠠᠭᠠᠨ ᠣᠷᠬᠢᠯ ᠳᠡᠭᠡᠷ᠎ᠡ ᠴᠢᠩᠬᠢᠰ ᠬᠠᠭᠠᠨ ᠤ ᠬᠤᠷᠢᠨ ᠳᠤᠯᠤᠭᠠᠨ ᠨᠠᠰᠤᠨ ᠳᠡᠭᠡᠷ᠎ᠡ ᠪᠠᠨ ᠬᠠᠭᠠᠨ ᠰᠠᠭᠤᠬᠰᠠᠨ ᠢ ᠪᠡᠯᠭᠡᠯᠡᠵᠦ ᠪᠤᠰᠬᠠᠬᠰᠠᠨ ᠬᠤᠷᠢᠨ ᠳᠣᠯᠤᠭᠠᠨ ᠣᠪᠣᠭ᠎ᠠ ᠨᠢ ᠣᠳᠣ ᠪᠤᠯᠲᠠᠯ᠎ᠠ ᠪᠠᠶᠢᠬᠰᠠᠭᠠᠷ᠃ ᠮᠦᠩᠬᠡ ᠬᠠᠭᠠᠨ ᠬᠦᠭᠡ ᠪᠠᠷᠰ ᠵᠢᠯ ︵1254 ᠣᠨ︶ ᠬᠦᠬᠡᠨᠠᠭᠤᠷ ᠤᠨ ᠵᠡᠭᠦᠨᠳᠡᠬᠢ ᠨᠠᠷᠠᠨ ᠰᠠᠷᠠᠨ ᠬᠠᠶᠢᠷᠬᠠᠨ ᠪᠠ ᠬᠦᠬᠡᠨᠠᠭᠤᠷ ᠢ ᠲᠠᠬᠢᠬᠰᠠᠨ ᠪᠠᠶᠢᠨ᠎ᠠ᠃ ᠴᠠᠬᠠᠷ ᠤᠨ ᠮᠢᠩᠭᠠᠨ ᠬᠦᠯᠦ ᠴᠠᠭᠠᠨ  ᠤ ᠨᠤᠲᠤᠭ ᠲᠤ ᠬᠤᠪᠢᠯᠠᠢ ᠬᠠᠭᠠᠨ ᠤ ᠬᠠᠲᠤᠨ ᠬᠡᠣᠬᠡᠳ ᠤᠨ ᠢᠶᠠᠨ ᠬᠦᠢᠰᠦ ᠶᠢ ᠠᠪᠣᠬᠰᠠᠨ ᠭᠠᠵᠠᠷ  ᠲᠤ ᠲᠡᠮᠳᠡᠭ ᠪᠤᠯᠭᠠᠵᠦ ᠪᠤᠰᠬᠠᠭᠰᠠᠨ ︽ᠬᠦᠢᠰᠦ ᠣᠪᠣᠭ᠎ᠠ︾ ᠣᠳᠣ ᠪᠤᠯᠲᠠᠯ᠎ᠠ ᠪᠠᠶᠢᠬᠰᠠᠭᠠᠷ᠃ ᠱᠠᠩᠳᠦ ᠪᠠᠯᠠᠭᠤᠨ ᠠᠴᠠ ᠡᠮᠦᠨ᠎ᠡ ᠬᠦᠯᠢᠶᠡᠨ ᠨᠠᠭᠤᠷ ᠤᠨ ᠣᠷᠴᠢᠮ ᠪᠠᠶᠢᠬᠤ ᠰᠠᠭᠠᠳᠠᠭ ᠤᠨ ᠣᠪᠣᠭ᠎ᠠ ᠪᠤᠯ ᠴᠢᠩᠬᠢᠰ ᠬᠠᠭᠠᠨ ᠤ ᠰᠠᠶᠢᠷ ᠬᠡᠭᠡᠷ᠎ᠡ ᠳᠤ ᠴᠡᠷᠢᠭᠯᠡᠵᠦ ᠶᠠᠪᠤᠬᠤ ᠳᠠᠭᠠᠨ ᠰᠠᠭᠠᠷᠠᠬᠰᠠᠨ ᠨᠤᠮᠤ ᠰᠠᠭᠠᠳᠠᠭ ᠢᠶᠠᠨ ᠲᠠᠨᠢᠵᠦ ᠲᠠᠬᠢᠵᠦ ᠪᠤᠰᠬᠠᠬᠰᠠᠨ ᠣᠪᠣᠭ᠎ᠠ ᠭᠡᠵᠦ ᠲᠡᠨᠳᠡᠬᠢ ᠨᠤᠲᠤᠭ ᠤᠨ ᠬᠦᠮᠦᠰ ᠬᠠᠭᠤᠴᠢᠯᠠᠳᠠᠭ᠃ ᠴᠠᠬᠠᠷ ᠠᠷᠠᠳ ᠤᠨ ᠶᠠᠷᠢᠶᠠᠨ ᠳᠤ ᠪᠠᠰᠠ ᠬᠤᠪᠢᠯᠠᠢ ᠬᠠᠭᠠᠨ ᠲᠦᠷᠦ ᠶᠢᠨ ᠶᠡᠭᠡ ᠪᠠᠭᠰᠢ ᠫᠠᠭᠪᠠ ᠯᠠᠮᠠ ᠠᠴᠠ ᠶᠡᠭᠡ ᠬᠦᠯᠭᠡᠨ ᠰᠤᠳᠤᠷ ᠭᠠᠨᠵᠤᠤᠷ ᠤᠨ ᠭᠦᠨ ᠣᠳᠬ᠎ᠠ ᠶᠢ ᠰᠣᠨᠣᠰᠴᠦ ᠪᠢᠰᠢᠷᠡᠭᠡᠳ ᠱᠠᠩᠳᠦ ᠪᠠᠯᠠᠭᠤᠨ ᠡᠷᠬᠢᠨ ᠲᠤᠭᠤᠷᠢᠨ ᠳᠤ ᠭᠠᠨᠵᠤᠤᠷ ᠤᠨ ᠪᠤᠳᠢ ᠶᠢᠨ ᠲᠤᠭ᠎ᠠ ᠪᠠᠷ ᠵᠠᠭᠤ ᠨᠠᠢᠮᠠᠨ ᠰᠦᠮ᠎ᠡ ᠪᠠᠶᠢᠭᠤᠯᠵᠦ᠂ ᠵᠠᠭᠤ ᠨᠠᠢᠮᠠᠨ ᠤᠪᠤᠭ᠎ᠠ ᠪᠤᠰᠬᠠᠵᠠᠢ ᠬᠡᠳᠡᠭ᠃ ᠴᠢᠩᠬᠢᠰ ᠪᠠ ᠶᠤᠸᠠᠨ ᠣᠯᠣᠰ ᠤᠨ ᠦᠶ᠎ᠡ ᠳᠤ ᠦᠷᠦᠨ᠎ᠡ ᠵᠦᠭ ᠲᠤ ᠳᠠᠶᠢᠳᠣᠵᠦ ᠪᠠᠶᠢᠬᠰᠠᠨ ᠴᠡᠷᠢᠭ ᠨᠢ ᠶᠠᠪᠤᠬᠤ ᠵᠠᠮ ᠳᠠᠭᠠᠨ ᠮᠤᠳᠤ ᠴᠢᠯᠠᠭᠤ ᠪᠠᠷ ᠪᠢᠰᠢᠬᠦᠢ ᠤᠯᠠᠨ ᠤᠪᠤᠭ᠎ᠠ ᠪᠤᠰᠬᠠᠵᠦ ᠵᠦᠭ ᠴᠢᠭ ᠪᠠ ᠪᠤᠴᠠᠬᠤ ᠵᠠᠮ ᠤᠨ ᠲᠡᠮᠳᠡᠭ ᠪᠤᠯᠭᠠᠵᠦ ᠪᠠᠶᠢᠬᠰᠠᠨ ᠢ ᠰᠣᠷᠪᠤᠯᠵᠢ ᠪᠢᠴᠢᠭ ᠲᠤ ᠲᠡᠮᠳᠡᠭᠯᠡᠵᠦ ᠪᠠᠶᠢᠳᠠᠭ᠃ ᠴᠢᠩᠬᠢᠰ ᠤᠨ ᠴᠡᠷᠢᠭ ᠶᠠᠮᠠᠷ ᠨᠢᠭᠡᠨ ᠣᠴᠢᠷ ᠢᠶᠠᠷ ᠬᠤᠷᠠᠨ ᠴᠤᠬᠯᠠᠵᠦ ᠲᠠᠷᠡ ᠭᠠᠵᠠᠷ ᠲᠠᠭᠠᠨ ᠪᠤᠰᠬᠠᠬᠰᠠᠨ ︽ᠬᠤᠷᠠᠬᠤ ᠣᠪᠣᠭᠠᠨ︾ ᠤ ᠵᠠᠷᠢᠮ ᠨᠢ ᠮᠤᠩᠭᠤᠯ ᠣᠷᠣᠨ ᠳᠤ ᠣᠳᠣ ᠪᠤᠯᠲᠠᠯ᠎ᠠ ᠦᠯᠡᠳᠡᠭᠰᠡᠭᠡᠷ ᠪᠠᠶᠢᠳᠠᠭ᠃ ᠬᠤᠶᠢᠲᠤ ᠶᠤᠸᠠᠨ ᠣᠯᠣᠰ ᠤᠨ ᠦᠶ᠎ᠡ ᠳᠤ ᠲᠡᠭᠷᠢ ᠠᠭᠤᠯᠠ ᠶᠢᠨ ᠠᠷᠤ᠂ ᠲᠠᠩᠨᠤ ᠣᠷᠢᠶᠠᠩᠬᠠᠢ᠂ ᠰᠡᠯᠡᠩᠭᠡ ᠮᠦᠷᠡᠨ ᠤ ᠳᠤᠮᠳᠠ ᠰᠠᠪᠠ ᠭᠠᠵᠠᠷ᠂ ᠠᠯᠳᠠᠢ ᠶᠢᠨ ᠨᠢᠷᠤᠭᠤᠨ ᠤ ᠪᠠᠷᠠᠭᠤᠨ ᠬᠤᠶᠢᠲᠤ ᠬᠠᠪᠢ ᠪᠠᠷ ᠪᠠᠶᠢᠬᠰᠠᠨ ᠮᠤᠩᠭᠤᠯᠴᠤᠳ ᠡᠮᠦᠨᠡᠰᠢ ᠨᠡᠭᠦᠵᠦ ᠴᠠᠭᠠᠨ ᠬᠡᠷᠡᠮ ᠠᠴᠠ ᠣᠶᠢᠷᠠᠯᠴᠠᠭ᠎ᠠ ᠰᠠᠭᠤᠵᠠᠢ᠃ ᠡᠮᠦᠨᠡᠰᠢ ᠨᠡᠭᠦᠵᠦ ᠢᠷᠡᠭᠰᠡᠨ ᠮᠤᠩᠭᠤᠯᠴᠤᠳ ᠲᠤ ᠣᠯᠠᠨ ᠣᠪᠣᠭ ᠠᠶᠢᠮᠠᠭ ᠤᠨ ᠬᠦᠮᠦᠰ ᠪᠠᠶᠢᠵᠠᠢ᠃ ᠲᠡᠳᠡᠨᠦᠰ ᠳᠤᠲᠤᠬᠰᠢ ᠰᠢᠯᠵᠢᠨ ᠨᠤᠲᠤᠬᠯᠠᠬᠤ ᠳᠠᠭᠠᠨ ᠤᠪᠤᠭ ᠠᠶᠢᠮᠠᠭ ᠢᠶᠠᠷ ᠢᠶᠠᠨ ᠣᠪᠣᠭ᠎ᠠ ᠪᠤᠰᠬᠠᠵᠦ ᠦᠪᠡᠷᠰᠡᠳ ᠤᠨ ᠲᠤᠭ ᠰᠦᠯᠲᠡ  ᠪᠠᠨ ᠪᠤᠶᠤ ᠶᠡᠬᠡᠰ ᠳᠡᠭᠡᠳᠦᠰ ᠢᠶᠠᠨ ᠳᠠᠬᠢᠨ ᠰᠢᠲᠦᠵᠦ ᠪᠠᠶᠢᠵᠠᠢ᠃ ᠢᠩᠬᠢᠵᠦ ᠡᠮᠦᠨᠡᠰᠢ ᠰᠢᠯᠵᠢᠭᠰᠡᠨ ᠮᠤᠩᠭᠤᠯᠴᠤᠳ  ᠤᠨ ᠨᠢᠭᠡ ᠬᠡᠰᠡᠭ ᠨᠢ ᠬᠤᠶᠢᠲᠤ ᠶᠤᠸᠠᠨ ᠤᠯᠤᠰ ᠤᠨ ᠪᠠᠷᠠᠭᠤᠨ ᠭᠠᠷ ᠲᠦᠮᠡᠨ ᠤ ᠨᠢᠭᠡ ᠪᠤᠯᠬᠤ ᠣᠷᠳᠣᠰ ᠲᠦᠮᠡᠨ ᠪᠤᠯᠤᠨ᠎ᠠ᠃ ᠣᠷᠳᠣᠰᠴᠤᠳ ᠪᠠᠰᠠ ᠮᠢᠩ ᠣᠯᠣᠰ ᠤᠨ ᠨᠤᠷᠠᠵᠦ ᠪᠠᠯᠠᠷᠠᠬᠰᠠᠨ ᠴᠠᠭᠠᠨ ᠬᠡᠷᠡᠮ ᠤᠨ ᠨᠠᠭᠠᠭᠤᠷ ᠵᠠᠬ᠎ᠠ ᠬᠢᠯᠢ ᠶᠢᠨ ᠲᠡᠮᠳᠡᠭ ᠣᠪᠣᠭ᠎ᠠ ᠪᠤᠰᠬᠠᠵᠦ ᠪᠠᠶᠢᠵᠠᠢ᠃ ᠬᠢᠩᠭᠠᠨ ᠳᠠᠪᠠᠭᠠᠨ ᠤ ᠡᠩᠭᠡᠷ ᠢᠶᠠᠷ ᠪᠠᠶᠢᠬᠰᠠᠨ ᠬᠤᠷᠴᠢᠨ ᠠᠶᠢᠮᠠᠭ ᠴᠦ ᠮᠠᠨᠵᠦ ᠲᠠᠢ ᠬᠢᠯᠢ ᠨᠡᠶᠢᠯᠡᠵᠦ ᠪᠠᠶᠢᠬᠰᠠᠨ ᠵᠠᠬ᠎ᠠ ᠬᠡᠴᠡ ᠪᠠᠷ ᠢᠶᠠᠨ ᠤᠪᠤᠭ᠎ᠠ ᠪᠤᠰᠬᠠᠵᠦ ᠪᠠᠶᠢᠵᠠᠢ᠃ ᠲᠦᠮᠡᠳ ᠤᠨ ᠠᠯᠲᠠᠨ ᠬᠠᠨ᠂ ᠣᠷᠳᠣᠰ ᠤᠨ ᠪᠣᠱᠤᠬᠲᠤ ᠵᠢᠨᠤᠩ ᠠᠴᠠ ᠭᠤᠷᠪᠠᠳᠤᠭᠠᠷ ᠳᠦᠷᠢ ᠶᠢᠨ ᠳᠠᠯᠠᠢ ᠯᠠᠮᠠ ᠶᠢ ᠵᠠᠯᠠᠵᠦ᠂ ᠰᠦᠮ᠎ᠡ ᠬᠡᠶᠢᠳ ᠪᠠᠷᠢᠵᠦ ᠡᠬᠢᠯᠡᠭᠰᠡᠨ ᠠᠴᠠ ᠮᠤᠩᠭᠤᠯ ᠣᠷᠣᠨ ᠳᠤ ᠰᠦᠮ᠎ᠡ ᠬᠡᠶᠢᠳ ᠤᠨ ᠣᠪᠣᠭ᠎ᠠ ᠪᠤᠢ ᠪᠤᠯᠵᠠᠢ᠃         ᠮᠠᠨᠵᠦ ᠲᠠᠶᠢᠴᠢᠩ ᠬᠦᠷᠦᠨ ᠤ ᠦᠶ᠎ᠡ ᠳᠤ ᠮᠤᠩᠭᠤᠯ ᠣᠷᠣᠨ ᠤ ᠴᠢᠭᠤᠯᠭᠠᠨ ᠤ ᠪᠠ ᠬᠤᠰᠢᠭᠤᠳ ᠤᠨ ᠣᠪᠣᠭ᠎ᠠ ᠣᠯᠠᠨ ᠪᠤᠰᠬᠠᠭᠳᠠᠵᠠᠢ᠂ ᠪᠠᠰᠠ ᠨᠡᠷ᠎ᠡ ᠠᠯᠳᠠᠷᠲᠠᠢ ᠶᠡᠭᠡ ᠭᠡᠭᠡᠨ ᠬᠤᠪᠢᠯᠠᠭᠤᠨ ᠲᠤ ᠱᠠᠪᠢ ᠨᠠᠷ ᠠᠶᠢᠯ ᠡᠷᠦᠬᠡ ᠲᠤᠬᠢᠷᠠᠭᠤᠯᠤᠬᠰᠠᠨ ᠠᠴᠠ ᠱᠠᠪᠢ ᠨᠠᠷ ᠠᠶᠢᠯ ᠤᠨ ᠣᠪᠣᠭ᠎ᠠ ᠪᠤᠢ ᠪᠤᠯᠵᠠᠢ᠃ ᠣᠯᠠᠨ ᠦᠷᠲᠡᠭᠡ ᠪᠠᠶᠢᠭᠤᠯᠵᠦ᠂ ᠦᠷᠲᠡᠭᠡᠨ ᠳᠡᠭᠡᠨ ᠪᠢᠰᠢᠬᠦᠢ ᠣᠯᠠᠨ ᠠᠶᠢᠯ ᠡᠷᠦᠬᠡ ᠲᠠᠲᠠᠵᠦ ᠰᠠᠭᠤᠯᠭᠠᠬᠰᠠᠨ ᠠᠴᠠ ᠦᠷᠲᠡᠭᠡᠨ ᠤ ᠣᠪᠣᠭ᠎ᠠ ᠪᠤᠢ ᠪᠤᠯᠵᠠᠢ᠃ ᠮᠠᠨᠵᠦ ᠶᠢᠨ ᠦᠶ᠎ᠡ ᠳᠤ ᠪᠤᠷᠬᠠᠨ ᠱᠠᠰᠢᠨ ᠮᠤᠩᠭᠤᠯᠴᠤᠳ ᠤᠨ ᠳᠣᠮᠳᠠ ᠶᠡᠭᠡ ᠪᠠᠷ ᠳᠡᠯᠭᠡᠷᠡᠭᠰᠡᠨ ᠠᠴᠠ ᠪᠢᠰᠢᠬᠦᠢ ᠣᠯᠠᠨ ᠰᠦᠮ᠎ᠡ ᠬᠡᠶᠢᠳ ᠤᠨ ᠣᠪᠣᠭ᠎ᠠ᠂ ᠭᠡᠭᠡᠨ ᠬᠤᠪᠢᠯᠠᠭᠤᠨ ᠤᠨ ᠣᠪᠣᠭ᠎ᠠ ᠪᠤᠢ ᠪᠤᠯᠵᠠᠢ᠃ ᠬᠤᠰᠢᠭᠤ ᠬᠤᠪᠢᠶᠠᠵᠦ ᠬᠡᠰᠡᠭᠯᠡᠨ ᠵᠠᠬᠢᠷᠤᠬᠰᠠᠨ ᠠᠴᠠ ᠮᠤᠩᠭᠤᠯᠴᠤᠳ ᠲᠤᠰ ᠲᠤᠰ ᠤᠨ ᠬᠤᠰᠢᠭᠤᠨ ᠤ ᠨᠤᠲᠤᠭ ᠤᠨ ᠬᠡᠪᠴᠢᠶᠡᠨ ᠳᠡᠭᠡᠨ ᠯᠠ ᠨᠡᠭᠦᠳᠡᠯᠯᠡᠨ ᠮᠠᠯᠵᠢᠬᠤ ᠪᠤᠯᠵᠦ᠂ ᠲᠦᠷᠦᠯ ᠰᠠᠲᠤᠨ ᠢᠶᠠᠷ ᠢᠶᠠᠨ ᠪᠤᠶᠤ ᠲᠠᠨᠢᠯ ᠠᠬ᠎ᠠ ᠳᠡᠭᠦᠦ ᠠᠶᠢᠮᠠᠭ ᠢᠶᠠᠷ ᠢᠶᠠᠨ ᠨᠡᠶᠢᠯᠡᠵᠦ ᠰᠠᠭᠤᠬᠤ ᠠᠶᠢᠯ ᠬᠤᠲᠠ ᠤᠯᠠᠰᠢᠷᠠᠬᠰᠠᠨ  ᠠᠴᠠ ᠠᠶᠢᠯ ᠣᠰᠣᠨ ᠤ ᠣᠪᠣᠭ᠎ᠠ ᠴᠦ ᠠᠷᠪᠢᠳᠴᠠᠢ᠃ ᠡᠭᠦᠨ ᠤ ᠬᠠᠮᠲᠤ ᠴᠢᠭᠤᠯᠭᠠᠨ ᠬᠤᠭᠤᠷᠤᠨᠳᠤ ᠪᠠᠨ ᠪᠤᠶᠤ ᠬᠤᠰᠢᠭᠤ ᠬᠤᠭᠤᠷᠤᠨᠳᠤ ᠪᠠᠨ ᠭᠠᠵᠠᠷ ᠨᠤᠲᠤᠭ  ᠢᠶᠠᠨ ᠲᠤᠳᠤᠯᠠᠬᠰᠠᠨ ᠵᠠᠬ᠎ᠠ ᠬᠡᠴᠠ ᠶᠢᠨ ᠣᠪᠣᠭ᠎ᠠ ᠴᠦ ᠠᠷᠪᠢᠳᠴᠠᠢ᠃ ᠣᠪᠣᠭᠠᠨ ᠲᠠᠬᠢᠯᠭ᠎ᠠ ᠶᠢᠨ ᠵᠠᠩᠰᠢᠯ  ᠳᠤ ᠴᠢᠭᠤᠯᠭᠠᠨ ᠤ ᠣᠪᠣᠭᠠᠨ ᠳᠤ ᠭᠠᠷᠬᠤ ᠳᠤ ᠵᠠᠰᠠᠭ ᠨᠣᠶᠠᠳ ᠲᠦᠰᠢᠮᠡᠳ ᠲᠦᠷᠦ ᠶᠢᠨ ᠵᠢᠬᠰᠠᠭᠠᠯ ᠶᠤᠰᠤᠯᠠᠯ ᠢᠶᠠᠷ ᠶᠠᠪᠤᠬᠤ᠂ ᠣᠪᠣᠭᠠᠨ ᠳᠤ ᠲᠠᠪᠤᠨ ᠦᠩᠭᠡ ᠶᠢᠨ ᠵᠠᠯ᠎ᠠ ᠬᠡᠶᠢᠮᠤᠷᠢ ᠬᠡᠶᠢᠰᠭᠡᠬᠦ᠂ ᠤᠪᠤᠭᠠᠨ ᠰᠠᠩ ᠳᠠᠷᠤᠬᠤ ᠵᠡᠷᠭᠡ ᠡᠯᠳᠡᠪ ᠶᠤᠰᠤ ᠪᠤᠢ ᠪᠤᠯᠵᠦ᠂ ᠣᠪᠣᠭᠠᠨ ᠤ ᠨᠠᠶᠢᠷ ᠬᠢᠬᠦ ᠨᠢ ᠨᠡᠶᠢᠳᠡᠮ ᠤᠨ ᠴᠢᠨᠠᠷ ᠲᠠᠢ ᠵᠠᠩᠰᠢᠯ ᠪᠤᠯᠵᠠᠢ᠃ ᠣᠪᠣᠭᠠᠨ ᠲᠠᠬᠢᠯᠭ᠎ᠠ  ᠳᠤ ᠣᠪᠣᠭ᠎ᠠ ᠪᠠ ᠲᠡᠭᠦᠨ ᠤ ᠲᠦᠷᠦᠯ ᠵᠦᠢᠯ᠂ ᠣᠪᠣᠭ᠎ᠠ ᠪᠣᠰᠬᠠᠬᠤ ᠶᠤᠰᠤᠨ᠂ ᠣᠪᠣᠭ᠎ᠠ ᠲᠠᠬᠢᠬᠤ ᠶᠤᠰᠤᠨ᠂ ᠤᠪᠤᠭᠠᠨ ᠨᠠᠶᠢᠷ᠂ ᠤᠪᠤᠭᠠᠨ ᠲᠠᠬᠢᠯᠭ᠎ᠠ ᠶᠢᠨ ᠴᠡᠭᠡᠷ ᠪᠠ ᠣᠪᠣᠭᠠᠨ ᠰᠤᠳᠤᠷ ᠭᠡᠬᠦ ᠮᠡᠲᠦ ᠠᠭᠤᠯᠭ᠎ᠠ ᠶᠢ ᠪᠠᠭᠲᠠᠭᠠᠳᠠᠭ᠃ ᠣᠪᠣᠭᠠᠨ ᠤ ᠲᠦᠷᠦᠯ       ᠮᠤᠩᠭᠤᠯᠴᠤᠳ ᠤᠨ ᠣᠪᠣᠭ᠎ᠠ ᠳᠤ ᠲᠠᠬᠢᠯᠭ᠎ᠠ ᠲᠠᠢ ᠣᠪᠣᠭ᠎ᠠ ᠪᠠ ᠲᠠᠬᠢᠯᠭ᠎ᠠ ᠦᠭᠡᠢ ᠣᠪᠣᠭ᠎ᠠ ᠭᠡᠬᠦ ᠬᠤᠶᠠᠷ ᠵᠦᠢᠯ ᠪᠠᠶᠢᠳᠠᠭ᠃ ᠡᠨᠡ ᠬᠤᠶᠠᠷ ᠵᠦᠢᠯ ᠤᠨ ᠣᠪᠣᠭᠠᠨ ᠤ ᠳᠤᠲᠤᠷ᠎ᠠ ᠪᠠᠰᠠ ᠠᠳᠠᠯᠢ ᠪᠤᠰᠤ ᠵᠤᠷᠢᠯᠭ᠎ᠠ ᠪᠠᠷ ᠪᠤᠰᠬᠠᠬᠳᠠᠬᠰᠠᠨ ᠣᠯᠠᠨ ᠵᠦᠢᠯ ᠤᠨ ᠣᠪᠣᠭ᠎ᠠ ᠪᠠᠶᠢᠳᠠᠭ᠃ ᠡᠭᠦᠨ ᠳᠤ ᠲᠡᠭᠷᠢ ᠶᠢᠨ ᠣᠪᠣᠭ᠎ᠠ᠂ ᠤᠪᠤᠭ ᠠᠶᠢᠮᠠᠭ ᠤᠨ ᠣᠪᠣᠭ᠎ᠠ᠂ ᠵᠠᠩᠵᠤᠨ ᠤ ᠣᠪᠣᠭ᠎ᠠ᠂ ᠳᠤᠷᠠᠰᠬᠠᠯ ᠤᠨ ᠣᠪᠣᠭ᠎ᠠ᠂ ᠬᠤᠷᠠᠬᠤ ᠣᠪᠣᠭ᠎ᠠ᠂ ᠤᠩᠭᠤᠨ ᠣᠪᠣᠭ᠎ᠠ᠂ ᠠᠯᠪᠠᠨ ᠤ ᠤᠪᠤᠭ᠎ᠠ᠂ ᠰᠦᠮ᠎ᠡ ᠬᠡᠶᠢᠳ ᠤᠨ ᠣᠪᠣᠭ᠎ᠠ᠂ ᠰᠦᠯᠳᠡ ᠣᠪᠣᠭ᠎ᠠ᠂ ᠨᠣᠶᠠᠨ ᠤ ᠣᠪᠣᠭ᠎ᠠ᠂ ᠠᠶᠢᠯ ᠣᠰᠣᠨ ᠤ ᠣᠪᠣᠭ᠎ᠠ᠂ ᠬᠠᠷᠢᠶᠠᠯ ᠤᠨ ᠣᠪᠣᠭ᠎ᠠ᠂ ᠵᠢᠷᠤᠬᠠᠢ ᠶᠢᠨ ᠣᠪᠣᠭ᠎ᠠ᠂ ᠨᠠᠭᠤᠷ ᠣᠰᠣᠨ ᠤ ᠤᠪᠤᠭ᠎ᠠ᠂ ᠲᠡᠮᠳᠡᠭ ᠣᠪᠣᠭ᠎ᠠ᠂ ᠬᠡᠤᠬᠡᠳ ᠤᠨ ᠣᠪᠣᠭ᠎ᠠ᠂ ᠮᠠᠯ ᠤᠨ ᠣᠪᠣᠭ᠎ᠠ᠂ ᠠᠪᠠ ᠠᠩᠨᠠᠭᠤᠷ ᠤᠨ ᠣᠪᠣᠭ᠎ᠠ᠂ ᠠᠮᠢᠲᠠᠨ ᠣᠷᠭᠤᠮᠠᠯ ᠤᠨ ᠣᠪᠣᠭ᠎ᠠ᠂ ᠲᠠᠩᠭᠠᠷᠢᠭ ᠣᠪᠣᠭ᠎ᠠ᠂ ᠰᠢᠯᠢ ᠶᠢᠨ ᠰᠠᠶᠢᠨ ᠡᠷᠡᠴᠤᠤᠯ ᠤᠨ ᠣᠪᠣᠭ᠎ᠠ ᠵᠡᠷᠭᠡ ᠪᠠᠶᠢᠳᠠᠭ᠃ ᠡᠳᠡᠭᠡᠷ ᠣᠪᠣᠭ᠎ᠠ ᠨᠤᠭᠤᠳ ᠢ ᠪᠦᠲᠦᠴᠡ ᠪᠠᠶᠢᠷᠢᠯᠠᠯ ᠢᠶᠠᠷ ᠨᠢ ᠳᠦᠭᠦᠷᠡᠩ ᠣᠪᠣᠭ᠎ᠠ᠂ ᠬᠤᠶᠠᠷ ᠤᠪᠤᠭ᠎ᠠ᠂ ᠭᠤᠷᠪᠠᠨ ᠣᠪᠣᠭ᠎ᠠ᠂ ᠳᠦᠷᠪᠡᠨ ᠣᠪᠣᠭ᠎ᠠ᠂ ᠲᠠᠪᠤᠨ ᠣᠪᠣᠭ᠎ᠠ᠂ ᠳᠤᠯᠣᠭᠠᠨ ᠣᠪᠣᠭ᠎ᠠ᠂ ᠶᠢᠰᠦᠨ ᠣᠪᠣᠭ᠎ᠠ᠂ ᠠᠷᠪᠠᠨ ᠭᠤᠷᠪᠠᠨ ᠣᠪᠣᠭ᠎ᠠ᠂ ᠬᠤᠷᠢᠨ ᠳᠤᠯᠤᠭᠠᠨ ᠣᠪᠣᠭ᠎ᠠ᠂ ᠭᠤᠴᠢᠨ ᠭᠤᠷᠪᠠᠨ ᠣᠪᠣᠭ᠎ᠠ᠂ ᠣᠯᠠᠨ ᠣᠪᠣᠭ᠎ᠠ ᠭᠡᠬᠦ ᠮᠡᠲᠦ ᠤ ᠠᠩᠬᠢᠯᠠᠳᠠᠭ᠃ ᠡᠭᠦᠨ ᠳᠤ ᠳᠦᠭᠦᠷᠡᠩ ᠣᠪᠣᠭ᠎ᠠ ᠠᠴᠠ ᠪᠤᠰᠤᠳ ᠤᠯᠠᠨ ᠣᠪᠣᠭ᠎ᠠ ᠨᠢ ᠭᠤᠤᠯ ᠣᠪᠣᠭ᠎ᠠ ᠪᠠ ᠪᠠᠭ᠎ᠠ ᠣᠪᠣᠭ᠎ᠠ ᠪᠠᠷ ᠪᠦᠷᠢᠯᠳᠦᠨ᠎ᠡ᠃ ᠭᠤᠤᠯ ᠣᠪᠣᠭ᠎ᠠ ᠶᠢ ᠪᠠᠰᠠ ᠶᠡᠭᠡ ᠣᠪᠣᠭ᠎ᠠ᠂ ᠪᠦᠳᠦᠭᠦᠨ ᠣᠪᠣᠭ᠎ᠠ᠂ ᠨᠣᠶᠠᠨ ᠣᠪᠣᠭ᠎ᠠ᠂ ᠵᠠᠩᠵᠤᠨ ᠣᠪᠣᠭ᠎ᠠ᠂ ᠲᠦᠪ ᠣᠪᠣᠭ᠎ᠠ ᠭᠡᠳᠡᠭ᠃ ᠪᠠᠭ᠎ᠠ ᠣᠪᠣᠭ᠎ᠠ ᠶᠢ ᠪᠠᠰᠠ ᠱᠠᠪᠢ ᠣᠪᠣᠭ᠎ᠠ᠂ ᠭᠤᠴᠤᠭ ᠣᠪᠣᠭ᠎ᠠ᠂ ᠬᠠᠷᠠᠭᠤᠯ ᠣᠪᠣᠭ᠎ᠠ᠂ ᠬᠤᠶᠠᠭ ᠣᠪᠣᠭ᠎ᠠ᠂ ᠰᠦᠪᠡᠭᠡ ᠣᠪᠣᠭ᠎ᠠ᠂ ᠳᠠᠭᠠᠯᠲᠠ ᠣᠪᠣᠭ᠎ᠠ ᠭᠡᠳᠡᠭ᠃ ᠠᠷᠠᠳ ᠤᠨ ᠶᠠᠷᠢᠶᠠᠨ ᠳᠤ ᠤᠯᠠᠩᠬᠢ ᠳᠠᠭᠠᠨ ᠱᠠᠪᠢ ᠣᠪᠣᠭ᠎ᠠ ᠭᠡᠵᠦ ᠬᠡᠯᠡᠳᠡᠭ᠃   
ᠢᠷᠡᠯᠲᠡ᠄ ᠤᠳᠠ ᠲᠤᠭᠤᠷᠢᠭ ᠤᠨ ᠥᠨᠳᠥᠰᠥᠲᠡᠨ ᠱᠠᠰᠢᠨ ᠰᠤᠷᠲᠠᠬᠤᠨ ᠤ ᠲᠤᠪᠴᠢᠶ᠎ᠠ