ᠮᠢᠨᠤ ᠠᠪᠤ ᠠᠳᠤᠭᠤᠴᠢᠨ
ᠨᠡᠶᠢᠲᠡᠯᠡᠭᠰᠡᠨ ᠴᠠᠭ᠄
2024/7/12
     ᠳᠦᠷᠥ ᠶᠢᠨ ᠦᠷᠯᠥᠭ ᠵᠠᠪᠠ ᠨᠤᠶᠠᠨ ᠤ ᠬᠤᠶᠢᠴᠢᠰ     ᠳᠦᠬᠦᠮᠭᠡᠨ ᠭᠡᠯᠡᠪᠡᠯ ᠪᠠᠰᠤᠳ ᠬᠠᠷᠢᠶ᠎ᠠ ᠶᠢᠨ ᠠᠷᠠᠳ     ᠳᠦᠷᠪᠡᠨ ᠬᠦᠯᠳᠥ ᠴᠠᠭᠠᠨ ᠳᠤᠭ ᠢ ᠳᠤᠭᠰᠢᠭᠤᠯᠤᠭᠰᠠᠨ     ᠳᠡᠯᠭᠡᠷ ᠬᠤᠷᠠᠬᠤ ᠳᠡᠭᠡᠳᠥ ᠶᠢᠨ ᠳᠠᠬᠢᠯᠭ᠎ᠠ ᠰᠢᠳᠥᠭᠡᠨ ᠲᠠᠢ     ᠳᠤᠩᠳᠤᠯᠤᠭᠠᠢ ᠨᠤᠳᠤᠭ ᠲᠠᠭᠠᠨ ᠳᠤᠩᠰᠤᠯᠭᠠᠵᠤ ᠪᠠᠶᠢᠭᠰᠠᠨ ᠡᠷ᠎ᠡ     ᠳᠤᠭᠤᠷᠢᠬᠤ ᠳᠦᠷᠪᠡᠨ ᠵᠦᠭ ᠲᠤ ᠮᠠᠭᠳᠠᠭᠳᠠᠵᠤ ᠶᠠᠪᠤᠭᠰᠠᠨ ᠬᠦᠮᠥᠨ     ᠳᠦᠷᠥᠯ ᠰᠠᠳᠤᠨ ᠠᠶᠢᠮᠠᠭ ᠲᠠᠭᠠᠨ ᠳᠦᠰᠢᠭ ᠪᠤᠯᠤᠨ ᠵᠠᠶᠠᠭᠠᠭᠰᠠᠨ     ᠳᠦᠷᠥᠭᠰᠡᠨ ᠠᠴᠢᠷ ᠭᠡᠥᠭᠡᠳ ᠲᠡᠭᠡᠨ ᠨᠡᠷᠡ ᠪᠤᠯᠤᠭᠰᠠᠨ ᠠᠪᠤ     ᠭᠡᠷᠭᠡᠢ᠂ ᠭᠡᠥᠭᠡᠳ ᠪᠦᠬᠦᠨ ᠳᠡᠭᠡᠨ ᠢᠳᠡᠭᠡᠯ ᠤᠯᠭᠤᠭᠰᠠᠨ ᠦᠮᠥᠭ     ᠭᠡᠷ ᠵᠠᠭᠤᠷ᠎ᠠ ᠶᠢᠨ ᠠᠵᠢᠯ ᠢ ᠭᠠᠷ ᠤᠨ ᠠᠶ᠎ᠠ ᠪᠠᠷ ᠡᠷᠬᠢᠬᠦᠯᠥᠭᠴᠢ     ᠭᠡᠭᠡᠷ᠎ᠡ ᠭᠠᠳᠠᠨ᠎ᠠ ᠶᠢᠨ ᠤᠳᠤᠷ ᠨᠡᠬᠦᠳᠡᠯ ᠳᠤ ᠶᠠᠪᠤᠵᠤ ᠪᠠᠭᠤᠬᠤ ᠳᠠᠭᠠᠨ     ᠭᠡᠵᠢᠶᠠᠳᠠ ᠨᠢᠮᠪᠠᠢ ᠪᠤᠳᠤᠯᠬᠢᠯᠠᠳᠠᠭ ᠭᠡᠷᠰᠡᠤ ᠤᠬᠠᠭᠠᠨ ᠲᠠᠢ ᠬᠦᠮᠥᠨ     ᠠᠷᠠᠳ ᠤᠨ ᠨᠢᠭᠡᠳᠤᠯ ᠢ ᠠᠩᠬ᠎ᠠ ᠪᠠᠶᠢᠭᠤᠯᠬᠤ ᠳᠡᠷᠡ ᠦᠶ᠎ᠡ ᠳᠤ     ᠠᠳᠤᠭᠤ ᠮᠠᠯ ᠢᠶᠠᠨ ᠡᠷᠬᠦᠭᠰᠡᠨ ᠦᠭᠯᠢᠭᠡᠴᠢ ᠬᠦᠮᠥᠨ ᠤ ᠨᠢᠭᠡ     ᠠᠵᠢᠯ ᠦᠢᠯᠡᠰ ᠲᠤ ᠰᠢᠭᠤᠷᠬᠠᠶᠢᠯᠠᠨ ᠬᠤᠰᠢᠭᠤᠴᠢᠯᠠᠳᠠᠭ ᠪᠤᠯᠬᠤᠷ     ᠠᠯᠳᠠᠨ ᠮᠧᠳᠠᠯ ᠢᠶᠠᠷ ᠡ᠊ᠩᠬᠡᠷ ᠢᠶᠠᠨ ᠮᠢᠯᠢᠶᠠᠯᠭᠠᠭᠰᠠᠨ ᠢᠳᠡᠪᠬᠢᠳᠡᠨ     ᠤᠳᠤᠭ᠂ ᠦᠥᠰᠢᠨ ᠬᠤᠶᠠᠷ ᠬᠤᠰᠢᠭᠤᠨ ᠤ ᠰᠢᠯᠢ ᠬᠦᠳᠡᠭᠡ ᠪᠠᠷ     ᠤᠷᠭ᠎ᠠ ᠳᠤᠬᠤᠶᠢᠯᠠᠨ ᠠᠳᠤᠭᠤ ᠪᠠᠨ ᠬᠠᠷᠢᠭᠤᠯᠤᠨ ᠶᠠᠪᠤᠬᠤ ᠳᠠᠭᠠᠨ     ᠣᠷᠳᠣᠰ ᠠᠷᠠᠳ ᠤᠨ ᠳᠠᠭᠤᠤ ᠪᠠᠨ ᠬᠠᠩᠬᠢᠨᠠᠭᠤᠯᠤᠨ ᠳᠠᠭᠤᠯᠠᠵᠤ     ᠤᠶᠠᠩᠭᠠᠨ ᠡᠭᠡᠰᠢᠭ ᠢᠶᠠᠷ ᠨᠤᠳᠤᠭ ᠢᠶᠠᠨ ᠪᠠᠶᠠᠰᠬᠠᠳᠠᠭ ᠳᠠᠭᠤᠴᠢᠨ     ᠮᠢᠩᠭᠠᠨ ᠠᠳᠤᠭᠤᠨ ᠤ ᠤᠩᠭᠤᠨ ᠮᠤᠯᠤᠷ ᠳᠤᠯᠤᠭᠠᠢ ᠳᠤ     ᠮᠢᠨᠳᠡᠰᠤᠨ ᠴᠠᠯᠮ᠎ᠠ ᠪᠠᠨ ᠬᠠᠶᠠᠯᠠᠨ ᠪᠠᠷᠢᠯᠠᠬᠤ ᠪᠦᠷᠢ ᠳᠡᠭᠡᠨ     ᠮᠠᠯᠴᠢᠨ ᠮᠤᠩᠭᠤᠯ ᠤᠨ ᠤᠷ᠎ᠠ ᠠᠪᠢᠶᠠᠰ ᠪᠦᠬᠦᠨ ᠢᠶᠠᠨ     ᠮᠠᠰᠢ ᠭᠤᠶᠢᠳᠠ ᠦᠵᠡᠬᠦᠯᠳᠡᠭ ᠬᠤᠪᠤᠷᠬᠠᠨ ᠴᠢᠳᠠᠯᠳᠠᠨ ᠤ ᠨᠢᠭᠡᠨ     ᠦᠵᠡᠮᠵᠢᠳᠤ ᠰᠠᠶᠢᠬᠠᠨ ᠳᠠᠷᠬᠠᠨ ᠨᠤᠳᠤᠭ ᠤᠰᠤᠨ ᠳᠠᠭᠠᠨ     ᠦᠪᠡᠷ ᠤᠨ ᠪᠠᠶ᠎ᠠ ᠪᠠᠷ ᠦᠯᠢᠭᠡᠷ ᠵᠢᠱᠢᠶ᠎ᠡ ᠦᠵᠡᠬᠦᠯᠥᠨ     ᠦᠩᠰᠡᠭ ᠳᠤᠷᠨᠢᠭᠤᠨ ᠳᠠᠪᠤᠨ ᠬᠤᠰᠢᠭᠤ ᠮᠠᠯ ᠰᠦᠷᠥᠭ ᠢᠶᠠᠨ     ᠦᠨᠢᠷ ᠦᠰᠭᠡᠭᠰᠡᠨ ᠠᠷᠠᠳ ᠤᠨ ᠨᠢᠭᠡᠳᠥᠯ ᠤᠨ ᠬᠠᠰᠢᠷ ᠮᠠᠯᠴᠢᠨ     ᠢᠵᠠᠭᠤᠷ ᠮᠤᠩᠭᠤᠯ ᠰᠣᠶᠤᠯ ᠤᠨ ᠭᠡᠭᠡᠨ ᠮᠠᠯᠮᠠᠢ ᠪᠠᠷ     ᠡᠷᠳᠡ᠂ ᠡᠳᠥᠭᠡ ᠶᠢ ᠪᠠᠷᠠᠯᠠᠨ ᠪᠠᠷᠠᠯᠠᠨ ᠶᠠᠪᠤᠬᠤ ᠳᠠᠭᠠᠨ     ᠡᠷᠳᠡᠮ ᠮᠡᠳᠡᠯᠭᠡ ᠶᠢᠨ ᠡᠷᠬᠢᠮ ᠠᠯᠳᠠᠨ ᠵᠢᠯᠤᠭᠤ ᠶᠢ     ᠡ᠊ᠩᠬᠦᠷᠡᠢ ᠦᠷᠡᠰ ᠲᠡᠭᠡᠨ ᠠᠳᠬᠤᠭᠤᠯᠵᠤ ᠦᠭᠭᠦᠭᠰᠡᠨ ᠠᠪᠤ     ᠤᠮᠤᠭᠳᠤ ᠬᠦᠯᠥᠭ ᠤᠨ ᠪᠤᠰᠤᠭ᠎ᠠ ᠳᠠᠯ ᠳᠡᠭᠡᠷ᠎ᠡ     ᠦᠢᠯᠡᠰ ᠪᠦᠳᠥᠭᠡᠯ ᠢᠶᠠᠨ ᠪᠠᠶᠢᠭᠤᠯᠤᠭᠰᠠᠨ ᠠᠳᠤᠭᠤᠴᠢᠨ     ᠤᠷᠴᠢᠯᠠᠩ ᠳᠤ ᠵᠠᠶᠠᠭᠠᠭᠰᠠᠨ ᠮᠢᠨᠤ ᠭᠠᠭᠴᠠᠬᠠᠨ ᠠᠪᠤ     ᠤᠬᠠᠭᠠᠨᠳᠤ ᠦᠷᠯᠥᠭ ᠵᠡᠪᠡ ᠶᠢᠨ ᠬᠠᠷᠪᠤᠭᠰᠠᠨ ᠰᠤᠮᠤ ᠮᠠᠳᠤ᠃ 
ᠢᠷᠡᠯᠲᠡ᠄ ᠣᠷᠳᠣᠰ ᠮᠣᠩᠭᠤᠯ ᠰᠦᠯᠵᠢᠶ᠎ᠡ