ᠶᠡᠭᠡ ᠳᠡᠭᠡᠳᠦ ᠰᠤᠷᠭᠠᠭᠤᠯᠢ ᠳᠤ ᠰᠤᠷᠤᠬᠴᠢ ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠵᠢᠨ‌ᠵᠣᠬᠢᠶᠠᠨ ᠪᠠᠶᠢᠭᠤᠯᠤᠯᠲᠠ ᠶᠢᠨ ᠪᠠᠲᠤᠯᠠᠭ᠎ᠠ ᠶᠢᠨ ᠠᠵᠢᠯ ᠢ ᠦᠨᠡᠨ ᠰᠡᠳᠬᠢᠯ ᠠᠴᠠ ᠪᠠᠨ ᠰᠠᠶᠢᠲᠤᠷ ᠬᠢᠵᠦ ︽ᠠᠮᠤᠷ ᠠᠮᠤᠭᠤᠯᠠᠩ ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠡᠶ ᠰᠢᠯᠭᠠᠯᠲᠠ︾ ᠶᠢᠨ ᠬᠠᠷᠠᠯᠲᠠ ᠶᠢ ᠪᠥᠬᠦ ᠬᠦᠴᠦᠨ ᠢᠶᠠᠷ ᠢᠶᠠᠨ ᠪᠡᠶᠡᠯᠡᠭᠦᠯᠬᠦ ᠬᠡᠷᠡᠭᠲᠡᠶ
ᠨᠡᠶᠢᠲᠡᠯᠡᠭᠰᠡᠨ ᠴᠠᠭ᠄
2024/6/5
           ᠳᠤᠮᠳᠠᠳᠤ  ᠤᠯᠤᠰ ᠤᠨ  ᠡᠪ‌ᠬᠠᠮᠲᠤ ᠨᠠᠮ ᠤᠨ ᠲᠥᠪ  ᠬᠤᠷᠢᠶᠠᠨ ᠤ  ᠤᠯᠤᠰ  ᠲᠥᠷᠥ ᠶᠢᠨ  ᠲᠤᠪᠴᠢᠶ᠎ᠠ  ᠶᠢᠨ  ᠪᠠᠶᠢᠩᠭᠤ ᠶᠢᠨ  ᠭᠡᠰᠢᠭᠦᠨ᠂  ᠲᠥᠷᠥ ᠵᠢᠨ‌‍ᠶᠠᠪᠤᠳᠠᠯ ᠤᠨ ᠬᠤᠷᠢᠶᠠᠨ ᠤ ᠳᠡᠳ᠋ ᠶᠡᠷᠦᠩᠬᠡᠶ ᠰᠠᠶᠢᠳ ᠳ᠋ᠢᠩ ᠰᠢᠤᠸᠠᠢ  ᠰᠢᠶᠠᠩ  2 ᠤᠨ  ᠡᠳᠦᠷ ᠤᠨ  ᠦᠳᠡ ᠶᠢᠨ  ᠬᠤᠶᠢᠨ᠎ᠠ‌‍ᠪᠡᠭᠡᠵᠢᠩ ᠬᠤᠲᠠ ᠳᠤ ᠬᠦᠷᠴᠦ  2024  ᠣᠨ ᠤ  ᠶᠡᠭᠡ  ᠳᠡᠭᠡᠳᠦ  ᠰᠤᠷᠭᠠᠭᠤᠯᠢ ᠳᠤ  ᠰᠣᠷᠣᠭᠴᠢ  ᠡᠯᠰᠡᠬᠦ  ᠤᠯᠤᠰ  ‍ᠤᠨ‌ᠨᠢᠭᠡᠳᠦᠯᠲᠡᠶ ᠰᠢᠯᠭᠠᠯᠲᠠ ᠶᠢᠨ ᠪᠡᠯᠡᠳᠬᠡᠯ ᠠᠵᠢᠯ ᠢ ᠪᠠᠶᠢᠴᠠᠭᠠᠪᠠ᠃ ᠲᠡᠷᠡ᠄ ᠶᠡᠭᠡ ᠳᠡᠭᠡᠳᠦ ᠰᠤᠷᠭᠠᠭᠤᠯᠢ ᠳᠤ ᠰᠤᠷᠤᠬᠴᠢ  ᠡᠯᠰᠡᠬᠦ‌ᠤᠯᠤᠰ ᠤᠨ ᠨᠢᠭᠡᠳᠦᠯᠲᠡᠢ ᠰᠢᠯᠭᠠᠯᠲᠠ ᠨᠢ ᠲᠦᠭ ᠲᠦᠮᠡᠨ  ᠠᠶᠢᠯ  ᠡᠷᠦᠬᠡ ᠲᠠᠢ  ᠬᠤᠯᠪᠣᠭᠳᠠᠵᠤ᠂  ᠥᠷᠭᠡᠨ  ᠤᠯᠠᠨ  ᠵᠠᠯᠠᠭᠤ‌‍ᠰᠤᠷᠤᠭᠴᠢᠳ ᠤᠨ ᠢᠷᠡᠭᠡᠳᠦᠢ ᠬᠤᠪᠢ ᠵᠠᠶᠠᠭ᠎ᠠ ᠲᠠᠢ  ᠬᠤᠯᠪᠣᠭᠳᠠᠨ᠎ᠠ᠃  ᠶᠡᠷᠦᠩᠬᠡᠶ  ᠱᠦᠵᠢ  ᠰᠢ ᠶᠢᠨ  ᠫᠢᠩ ᠤᠨ  ᠴᠢᠬᠤᠯᠠ‌ᠵᠢᠭᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠶ ᠰᠤᠷᠤᠯᠴᠠᠨ ᠲᠤᠤᠱᠯᠠᠭᠤᠯᠵᠤ᠂ ᠨᠠᠮ ᠤᠨ ᠲᠥᠪ  ᠬᠤᠷᠢᠶ᠎ᠠ  ᠪᠣᠯᠤᠨ  ᠲᠥᠷᠥ ᠵᠢᠨ‌‍ᠶᠠᠪᠤᠳᠠᠯ ᠤᠨ  ᠬᠤᠷᠢᠶ᠎ᠠ   ᠶᠢᠨ  ᠰᠢᠢᠳᠪᠦᠷᠢᠲᠦ  ᠪᠣᠳᠣᠯᠭ᠎ᠠ  ᠪᠠᠶᠢᠷᠢᠯᠠᠭᠤᠯᠤᠯᠲᠠ ᠶᠢ  ᠲᠤᠤᠱᠯᠠᠭᠤᠯᠤᠨ  ᠨᠠᠶᠢᠳᠠᠪᠤᠷᠢᠵᠢᠭᠤᠯᠵᠤ᠂ᠵᠣᠷᠢᠯᠲᠠ ᠶᠢᠨ ᠤᠬᠠᠮᠰᠠᠷ ᠢᠶᠠᠨ ᠦᠨᠡᠨ ᠬᠦ ᠴᠢᠩᠭᠠᠳᠬᠠᠵᠤ᠂ ᠬᠠᠷᠢᠭᠤᠴᠠᠯᠭ᠎ᠠ ᠡᠭᠦᠷᠭᠡᠯᠡᠯ ᠢᠶᠠᠨ ᠴᠢᠩᠭᠠᠳᠬᠠᠵᠤ᠂ ᠶᠡᠭᠡ  ᠳᠡᠭᠡᠳᠦ‌‍ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ ᠵᠣᠬᠢᠶᠠᠨ ᠪᠠᠶᠢᠭᠤᠯᠤᠯᠲᠠ ᠶᠢᠨ ᠪᠠᠲᠤᠯᠠᠭ᠎ᠠ ᠵᠢᠨ‌ᠠᠵᠢᠯ ᠢ ᠦᠨᠡᠨ ᠰᠡᠳᠬᠢᠯ ᠠᠴᠠ ᠪᠠᠨ ᠰᠠᠶᠢᠲᠤᠷ ᠬᠢᠵᠦ᠂ ︽ᠠᠮᠤᠷ ᠠᠮᠤᠭᠤᠯᠠᠩ ᠶᠡᠭᠡ  ᠳᠡᠭᠡᠳᠦ  ᠰᠤᠷᠭᠠᠭᠤᠯᠢ ᠳᠤ  ᠰᠣᠷᠣᠭᠴᠢ‌ᠡᠯᠰᠡᠬᠦ ᠤᠯᠤᠰ ᠤᠨ ᠨᠢᠭᠡᠳᠦᠯᠲᠡᠶ ᠰᠢᠯᠭᠠᠯᠲᠠ︾ ᠶᠢᠨ ᠬᠠᠷᠠᠯᠲᠠ ᠶᠢ ᠪᠥᠬᠦ  ᠬᠦᠴᠦᠨ ᠢᠶᠠᠷ ᠢᠶᠠᠨ  ᠪᠡᠶᠡᠯᠡᠭᠦᠯᠬᠦ  ᠬᠡᠷᠡᠭᠲᠡᠶ  ᠭᠡᠵᠦ‌‍ᠴᠢᠬᠤᠯᠠᠴᠢᠯᠠᠪᠠ᠃           ᠳ᠋ᠢᠩ  ᠰᠢᠤᠸᠠᠢ  ᠰᠢᠶᠠᠩ  ᠡᠩ  ᠲᠡᠷᠢᠭᠦᠨ ᠳᠤ  ᠪᠡᠭᠡᠵᠢᠩ  ᠬᠤᠲᠠ ᠶᠢᠨ   ᠠᠷᠪᠠᠨ   ᠭᠤᠷᠪᠠᠳᠤᠭᠠᠷ   ᠳᠤᠮᠳᠠᠳᠤ‌‍ᠰᠤᠷᠭᠠᠭᠤᠯᠢ ᠶᠢᠨ ᠰᠢᠯᠭᠠᠯᠲᠠ ᠶᠢᠨ ᠴᠡᠭ ᠲᠤ ᠬᠦᠷᠴᠦ᠂ ᠰᠢᠯᠭᠠᠭᠤᠯᠤᠬᠰᠠᠳ ᠤᠨ  ᠪᠤᠬᠴᠤ  ᠪᠠᠨ  ᠬᠠᠳᠠᠭᠠᠯᠠᠬᠤ  ᠲᠤᠭᠤᠷᠢᠭ᠂ᠰᠢᠯᠭᠠᠯᠲᠠ ᠬᠢᠬᠦ  ᠲᠣᠭᠤᠷᠢᠭ ᠢ  ᠪᠠᠶᠢᠴᠠᠭᠠᠨ  ᠦᠵᠡᠵᠦ᠂  ᠰᠢᠯᠭᠠᠯᠲᠠ ᠶᠢᠨ  ᠲᠠᠯᠠᠪᠤᠷ ᠤᠨ  ᠲᠣᠬᠢᠷᠠᠭᠤᠯᠤᠯᠲᠠ᠂  ᠰᠢᠯᠭᠠᠯᠲᠠ‌‍ᠬᠦ᠋ᠯᠢᠶᠡᠬᠦ  ᠬᠠᠮᠢᠶᠠᠷᠤᠯᠲᠠ᠂   ᠦᠢᠯᠡᠴᠢᠯᠡᠭᠡᠨ ᠤ   ᠪᠠᠲᠤᠯᠠᠭ᠎ᠠ ᠶᠢᠨ   ᠪᠠᠶᠢᠳᠠᠯ ᠢ   ᠣᠶᠢᠯᠠᠭᠠᠵᠤ᠂   ᠠᠮᠤᠷ   ᠲᠦᠪᠰᠢᠨ ‍ᠤ‌‍ᠪᠠᠶᠢᠴᠠᠭᠠᠯᠲᠠ ᠶᠢᠨ ᠣᠶᠤᠨᠴᠢ ᠡᠭᠦᠳᠡᠨ ᠤ ᠴᠢᠳᠠᠮᠵᠢ ᠶᠢᠨ ᠦᠵᠡᠭᠦᠯᠭᠡ ᠶᠢ  ᠨᠠᠷᠢᠨ  ᠨᠢᠮᠪᠠᠶ  ᠪᠠᠶᠢᠴᠠᠭᠠᠨ  ᠦᠵᠡᠵᠦ᠂  ᠬᠢᠨᠠᠨ‌ᠡᠵᠡᠮᠳᠡᠬᠦ ᠲᠠᠰᠤᠭ᠂ ᠷᠠᠳᠢᠣ᠋ ᠨᠡᠪᠲᠡᠷᠡᠭᠦᠯᠭᠡ ᠶᠢᠨ ᠲᠠᠰᠤᠭ᠂ ᠰᠢᠯᠭᠠᠯᠲᠠ ᠶᠢᠨ ᠲᠠᠯᠠᠪᠠᠶ ᠵᠡᠷᠭᠡ ᠲᠠᠯᠠᠪᠤᠷ ᠲᠤ ᠤᠷᠤᠵᠤ᠂ ᠲᠤᠬᠠᠶ ᠵᠢᠨ‌‍ᠲ᠋ᠠᠯᠠᠪᠠᠶ ᠶᠢᠨ ᠠᠵᠢᠯᠲᠠᠳ ᠲᠠᠢ ᠶᠠᠷᠢᠯᠴᠠᠪᠠ᠃ ᠲᠡᠷᠡ  ᠶᠡᠭᠡ  ᠳᠡᠭᠡᠳᠦ  ᠰᠤᠷᠭᠠᠭᠤᠯᠢ  ᠳᠤ  ᠰᠤᠷᠤᠬᠴᠢ  ᠡᠯᠰᠡᠬᠦ  ᠤᠯᠤᠰ ‍ᠤᠨ‌ᠨᠢᠭᠡᠳᠦᠯᠲᠡᠢ ᠰᠢᠯᠭᠠᠯᠲᠠ ᠶᠢᠨ ᠵᠣᠬᠢᠶᠠᠨ ᠪᠠᠶᠢᠭᠤᠯᠬᠤ ᠠᠵᠢᠯ ᠢ ᠭᠦᠢᠴᠡᠳ  ᠨᠤᠲᠠᠯᠠᠵᠤ᠂  ᠨᠠᠮ ᠤᠨ  ᠲᠥᠪ  ᠬᠤᠷᠢᠶ᠎ᠠ  ᠪᠣᠯᠤᠨ‌‍ᠲ᠋ᠦ᠋ᠷᠦ ᠶᠢᠨ ᠶᠠᠪᠤᠳᠠᠯ ᠤᠨ ᠬᠤᠷᠢᠶ᠎ᠠ ᠶᠢᠨ ᠡᠮᠦᠨ᠎ᠡ ᠠᠴᠠ ᠶᠡᠭᠡ ᠳᠡᠭᠡᠳᠦ  ᠰᠤᠷᠭᠠᠭᠤᠯᠢ  ᠳᠤ  ᠰᠤᠷᠤᠬᠴᠢ  ᠡᠯᠰᠡᠬᠦ  ᠤᠯᠤᠰ ‍ᠤᠨ‌ᠨᠢᠭᠡᠳᠦᠯᠲᠡᠢ ᠰᠢᠯᠭᠠᠯᠲᠠ ᠶᠢᠨ ᠡᠮᠦᠨ᠎ᠡ ᠹᠷᠣᠨᠲ ᠲᠤ ᠰᠢᠷᠭᠠᠭᠤ ᠠᠵᠢᠯᠯᠠᠵᠤ ᠪᠠᠶᠢᠭ᠎ᠠ ᠪᠦᠬᠦ ᠨᠥᠬᠦᠳ ᠲᠤ  ᠴᠢᠩ  ᠰᠡᠳᠬᠢᠯ ‍ᠤᠨ‌ᠮᠡᠨᠳᠦᠴᠢᠯᠡᠯ ᠪᠠ ᠲᠠᠯᠠᠷᠬᠠᠯ ᠢᠶᠠᠨ ᠳᠡᠪᠰᠢᠭᠦᠯᠪᠡ᠃ ᠳ᠋ᠢᠩ ᠰᠢᠤᠸᠠᠢ ᠰᠢᠶᠠᠩ᠄ ᠡᠨᠡ ᠵᠢᠯ ᠤᠨ ᠶᠡᠭᠡ  ᠳᠡᠭᠡᠳᠦ  ᠰᠤᠷᠭᠠᠭᠤᠯᠢ  ᠳ᠋ᠤ᠋‌‍ᠰᠤᠷᠤᠬᠴᠢ ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠶᠢᠨ ᠬᠥᠮᠦᠨ ᠤ ᠲᠤᠭ᠎ᠠ ᠳᠠᠬᠢᠨᠲᠠ ᠲᠡᠦᠬᠡ ᠶᠢᠨ ᠰᠢᠨ᠎ᠡ  ᠲᠡᠮᠳᠡᠭᠯᠡᠯ ᠢ‌ᠡᠭᠦᠳᠴᠦ᠂ ᠶᠡᠭᠡ ᠳᠡᠭᠡᠳᠦ ᠰᠤᠷᠭᠠᠭᠤᠯᠢ ᠳᠤ ᠰᠣᠷᠣᠭᠴᠢ ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠶᠢᠨ  ᠶᠡᠷᠦᠩᠬᠡᠶᠢᠯᠡᠭᠰᠡᠨ‌ᠥᠭᠡᠷᠡᠴᠢᠯᠡᠯᠲᠡ ᠶᠢ ᠮᠤᠵᠢ ᠣᠷᠣᠨ ᠳᠤ ᠣᠯᠠᠨ ᠨᠠᠶᠢᠳᠠᠪᠤᠷᠢᠵᠢᠭᠤᠯᠪᠠ᠃ ᠰᠢᠯᠭᠠᠭᠤᠯᠤᠭᠰᠠᠳ   ᠢᠶᠠᠷ  ᠦᠨᠳᠦᠰᠦ  ᠪᠣᠯᠭᠠᠬᠤ ᠵᠢ‌‍ᠪᠠᠷᠢᠮᠲᠠᠯᠠᠵᠤ᠂ ᠵᠠᠮ ᠬᠠᠷᠢᠯᠴᠠᠭ᠎ᠠ ᠶᠢ ᠨᠡᠪᠲᠡᠷᠡᠭᠦᠯᠬᠦ᠂  ᠨᠠᠷᠠᠰᠢᠬᠤ ᠶᠢ  ᠰᠡᠷᠭᠡᠶᠢᠯᠡᠵᠦ  ᠬᠠᠯᠠᠭᠤᠨ ᠢ  ᠪᠠᠭᠤᠷᠠᠭᠤᠯᠬᠤ᠂  ᠬᠤᠭᠤᠯᠠ‌ᠬᠤᠨᠤᠭ ᠤᠨ ᠡᠷᠡᠭᠦᠯ ᠬᠠᠮᠠᠭᠠᠯᠠᠯ᠂ ᠱᠤᠤᠬᠢᠶᠠᠨ ᠢ  ᠵᠠᠰᠠᠬᠤ  ᠵᠡᠷᠭᠡ  ᠲᠠᠯ᠎ᠠ ᠶᠢᠨ  ᠶᠡᠷᠦᠩᠬᠡᠶᠢᠯᠡᠭᠰᠡᠨ  ᠪᠠᠲᠤᠯᠠᠭ᠎ᠠ ᠶᠢᠨ  ᠠᠵᠢᠯ ᠢ‌‍ᠭᠦ᠋ᠨᠵᠡᠭᠡᠶ ᠨᠠᠷᠢᠯᠢᠭ ᠰᠠᠶᠢᠲᠤᠷ ᠬᠢᠵᠦ᠂ ᠰᠠᠨᠠᠭ᠎ᠠ ᠠᠮᠤᠷ ᠲᠠᠭᠠᠯᠠᠮᠵᠢᠲᠠᠶ ᠰᠢᠯᠭᠠᠯᠲᠠ ᠬᠢᠬᠦ ᠣᠷᠴᠢᠨ ᠨᠥᠬᠦᠴᠡᠯ ᠢ ᠪᠣᠶ  ᠪᠣᠯᠭᠠᠵᠤ᠂ᠵᠡᠮᠳᠡᠭ ᠰᠢᠯᠭᠠᠭᠤᠯᠤᠭᠰᠠᠳ ᠵᠡᠷᠭᠡ ᠣᠨᠴᠠᠭᠠᠶ ᠬᠥᠮᠦᠰ ᠲᠤ ᠵᠦᠶ ᠵᠣᠬᠢᠰᠲᠠᠶ  ᠲᠥᠬᠦᠮ  ᠦᠵᠡᠭᠦᠯᠵᠦ᠂  ᠰᠢᠯᠭᠠᠭᠤᠯᠤᠭᠰᠠᠳ  ᠢ‌ᠬᠠᠯᠠᠮᠵᠢᠯᠠᠨ ᠬᠠᠶᠢᠷᠠᠯᠠᠬᠤ ᠰᠡᠳᠬᠢᠯᠭᠡ ᠶᠢ ᠬᠦᠢᠴᠡᠳ ᠢᠯᠡᠷᠡᠭᠦᠯᠵᠦ᠂ ᠲᠡᠳᠡᠨ  ᠢ  ᠰᠡᠳᠬᠢᠯ  ᠰᠠᠨᠠᠭ᠎ᠠ  ᠲᠠᠶᠢᠪᠤᠡᠭ᠂  ᠠᠭᠤᠵᠢᠭᠤ‌‍ᠲ᠋ᠠᠯᠪᠢᠭᠤ  ᠪᠠᠷ  ᠰᠢᠯᠭᠠᠯᠲᠠ ᠳᠤ  ᠤᠷᠤᠯᠴᠠᠭᠤᠯᠵᠤ᠂  ᠬᠠᠮᠤᠭ ᠤᠨ  ᠰᠠᠶᠢᠨ  ᠬᠢᠷᠢ  ᠪᠦᠲᠦᠮᠵᠢ  ᠤᠯᠤᠭᠤᠯᠵᠤ᠂  ᠬᠥᠮᠦᠨ ‍ᠤ‌ᠠᠮᠢᠳᠤᠷᠠᠯ ᠤᠨ ᠬᠦᠰᠡᠯ ᠵᠡᠭᠦᠳᠦ ᠪᠠᠨ ᠪᠡᠶᠡᠯᠡᠭᠦᠯᠬᠦ ᠵᠠᠮ ᠳᠤ ᠵᠠᠩᠭᠢᠯᠠᠭ᠎ᠠ ᠶᠢᠨ  ᠠᠯᠬᠤᠮ ᠢ  ᠰᠠᠶᠢᠲᠤᠷ  ᠠᠯᠬᠤᠭᠤᠯᠬᠤ  ᠬᠡᠷᠡᠭᠲᠡᠶ‌‍ᠬᠡᠪᠡ᠃         ᠳᠠᠷᠠᠭ᠎ᠠ ᠨᠢ᠂ ᠳ᠋ᠢᠩ ᠰᠢᠤᠸᠠᠢ ᠰᠢᠶᠠᠩ ᠪᠡᠭᠡᠵᠢᠩ ᠤᠨ  ᠰᠤᠷᠭᠠᠨ  ᠬᠥᠮᠦᠵᠢᠯ ᠤᠨ  ᠰᠢᠯᠭᠠᠯᠲᠠ ᠶᠢᠨ  ᠬᠦᠷᠢᠶᠡᠯᠡᠩ ᠳ᠋ᠤ᠋‌‍ᠬᠦ᠋ᠷᠴᠦ᠂ ᠰᠢᠯᠭᠠᠯᠲᠠ ᠶᠢᠨ ᠬᠠᠭᠤᠳᠠᠰᠤ ᠶᠠᠪᠤᠭᠤᠯᠬᠤ ᠨᠢᠭᠡ ᠴᠤᠬᠴᠠᠳᠤ ᠬᠠᠶᠢᠷᠴᠠᠭ᠂ ᠤᠶᠤᠨᠲᠤ  ᠰᠢᠯᠭᠠᠯᠲᠠ ᠶᠢᠨ  ᠶᠠᠪᠤᠳᠠᠯ ‍ᠤᠨ‌‍ᠰᠢᠯᠵᠢᠶ᠎ᠠ᠂ ᠪᠢᠷ ᠤᠨ  ᠰᠢᠯᠭᠠᠯᠲᠠ ᠶᠢᠨ  ᠴᠠᠭᠠᠰᠤᠨ  ᠬᠠᠭᠤᠳᠠᠰᠤ  ᠶᠢ  ᠰᠢᠷᠪᠡᠭᠰᠡᠨ  ᠰᠢᠯᠭᠠᠯᠲᠠ  ᠬᠢᠨᠠᠬᠤ  ᠰᠢᠰᠲ᠋ᠧᠮ  ᠵᠡᠷᠭᠡ‌‍ᠲ᠋ᠥ᠋ᠬᠦᠭᠡᠷᠦᠮᠵᠢ ᠶᠢ ᠰᠢᠨᠵᠢᠯᠡᠨ ᠪᠠᠶᠢᠴᠠᠭᠠᠵᠤ᠂ ᠪᠡᠭᠡᠵᠢᠩ ᠬᠤᠲᠠ ᠶᠢᠨ ᠤᠯᠤᠰ ᠤᠨ  ᠰᠤᠷᠭᠠᠨ  ᠬᠥᠮᠦᠵᠢᠯ ᠤᠨ  ᠰᠢᠯᠭᠠᠯᠲᠠ ᠵᠢᠨ‌‍ᠶᠡᠷᠦᠩᠬᠡᠶᠢᠯᠡᠭᠰᠡᠨ ᠬᠠᠮᠢᠶᠠᠷᠤᠯᠲᠠ ᠶᠢᠨ ᠲᠠᠪᠴᠠᠩ ᠤᠨ ᠦᠵᠡᠭᠦᠯᠭᠡ ᠶᠢ ᠦᠵᠡᠵᠦ᠂ ᠶᠡᠭᠡ ᠳᠡᠭᠡᠳᠦ ᠰᠤᠷᠭᠠᠭᠤᠯᠢ ᠳᠤ  ᠰᠣᠷᠣᠭᠴᠢ‌ᠡᠯᠰᠡᠬᠦ ᠤᠯᠤᠰ ᠤᠨ ᠨᠢᠭᠡᠳᠦᠯᠲᠡᠶ ᠰᠢᠯᠭᠠᠯᠲᠠ ᠶᠢᠨ ᠪᠡᠯᠡᠳᠬᠡᠯ ᠠᠵᠢᠯ ᠤᠨ  ᠪᠠᠶᠢᠳᠠᠯ ᠤᠨ  ᠲᠤᠬᠠᠢ  ᠬᠠᠷᠢᠭᠤ  ᠮᠡᠳᠡᠭᠦᠯᠦᠯᠲᠡ ᠵᠢ‌‍ᠰᠣᠨᠣᠰᠪᠠ᠃ ᠲᠡᠷᠡ᠄ ᠡᠷᠬᠡ ᠲᠡᠭᠰᠢ ᠲᠥᠪ ᠭᠤᠣᠯᠴᠢ ᠪᠠ ᠠᠮᠤᠷ ᠲᠦᠪᠰᠢᠨ ᠪᠣᠯ ᠶᠡᠭᠡ ᠳᠡᠭᠡᠳᠦ ᠰᠤᠷᠭᠠᠭᠤᠯᠢ ᠳᠤ  ᠰᠣᠷᠣᠭᠴᠢ‌ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠶᠢᠨ ᠠᠮᠢᠨ ᠰᠤᠳᠠᠰᠤ  ᠮᠥᠨ᠂  ᠶᠡᠭᠡ  ᠳᠡᠭᠡᠳᠦ  ᠰᠤᠷᠭᠠᠭᠤᠯᠢ ᠳᠤ  ᠰᠣᠷᠣᠭᠴᠢ‌ᠡᠯᠰᠡᠬᠦ ᠤᠯᠤᠰ ᠤᠨ  ᠨᠢᠭᠡᠳᠦᠯᠲᠡᠢ  ᠰᠢᠯᠭᠠᠯᠲᠠ ᠶᠢᠨ  ᠠᠵᠢᠯ ᠤᠨ  ᠭᠤᠭᠴᠤᠭ᠎ᠠ  ᠪᠣᠯᠭᠠᠨ ᠳᠤ  ᠲᠤᠤᠱᠯᠠᠭᠤᠯᠬᠤ  ᠬᠡᠷᠡᠭᠲᠡᠢ᠃ᠨᠢᠭᠤᠴᠠ ᠶᠢ ᠬᠠᠮᠠᠭᠠᠯᠠᠬᠤ ᠬᠠᠮᠢᠶᠠᠷᠤᠯᠲᠠ ᠶᠢ ᠴᠢᠩᠳᠠᠯᠠᠵᠤ᠂ ᠰᠢᠯᠭᠠᠯᠲᠠ ᠶᠢᠨ ᠬᠠᠭᠤᠳᠠᠰᠤ ᠶᠢᠨ ᠰᠡᠳᠦᠪ ᠭᠠᠷᠭᠠᠬᠤ᠂ ᠳᠠᠷᠤᠮᠠᠯᠯᠠᠨ‌ᠦᠢᠯᠡᠳᠬᠦ᠂ ᠲᠡᠭᠡᠭᠡᠪᠦᠷᠢᠯᠡᠨ ᠬᠦᠷᠭᠡᠬᠦ᠂  ᠬᠠᠳᠠᠭᠠᠯᠠᠬᠤ  ᠪᠥᠬᠦ  ᠶᠠᠪᠤᠴᠠ ᠶᠢᠨ  ᠬᠢᠨᠠᠯᠲᠠ  ᠬᠠᠮᠢᠶᠠᠷᠤᠯᠲᠠ ᠶᠢ  ᠴᠢᠩᠭᠠᠳᠬᠠᠵᠤ᠂ᠨᠢᠭᠤᠴᠠ ᠶᠢ ᠵᠠᠳᠠᠷᠠᠭᠤᠯᠬᠤ ᠠᠰᠠᠭᠤᠳᠠᠯ ᠭᠠᠷᠬᠤ ᠶᠢ ᠡᠷᠡᠰ ᠬᠤᠷᠢᠭᠯᠠᠬᠤ ᠬᠡᠷᠡᠭᠲᠡᠢ᠃ ᠰᠢᠯᠭᠠᠯᠲᠠ ᠶᠢᠨ ᠰᠤᠷᠲᠠᠯ ᠰᠢᠯᠭᠠᠯᠲᠠ ᠵᠢᠨ‌‍ᠰᠠᠬᠢᠯᠭ᠎ᠠ ᠪᠠᠲᠤ ᠶᠢ ᠴᠢᠩᠳᠠᠯᠠᠵᠤ᠂ ᠰᠢᠯᠭᠠᠯᠲᠠ ᠳᠤ ᠬᠡᠮ ᠬᠢᠬᠦ ᠠᠵᠢᠯᠯᠠᠭ᠎ᠠ ᠳᠤ ᠴᠢᠩᠭ᠎ᠠ ᠴᠣᠬᠢᠯᠲᠠ ᠥᠭᠴᠦ᠂ ᠬᠡᠮ ᠬᠢᠬᠦ ᠪᠠᠭᠠᠵᠢ‌‍ᠬᠡᠷᠡᠭᠰᠡᠯ ᠬᠤᠳᠠᠯᠳᠤᠬᠤ ᠠᠵᠢᠯᠯᠠᠭ᠎ᠠ ᠶᠢ ᠡᠷᠡᠰ ᠪᠠᠶᠢᠴᠠᠭᠠᠨ ᠰᠢᠢᠳᠪᠦᠷᠢᠯᠡᠬᠦ ᠭᠡᠷᠡᠭᠳᠡᠢ᠃ ᠰᠢᠯᠭᠠᠯᠲᠠ  ᠬᠢᠨᠠᠬᠤ  ᠶᠠᠰᠤ  ᠴᠢᠨᠠᠷ ‍ᠤᠨ‌‍ᠪᠣᠭᠤᠮᠲᠠ ᠶᠢ ᠴᠢᠩᠭ᠎ᠠ ᠠᠳᠬᠤᠵᠤ᠂  ᠡᠯᠰᠡᠬᠦ  ᠳᠡᠰ  ᠳᠠᠷᠠᠭᠠᠯᠠᠯ ᠢ  ᠴᠢᠩᠳᠠᠯᠠᠵᠤ᠂  ᠰᠢᠯᠭᠠᠯᠲᠠ ᠶᠢᠨ  ᠡᠷᠬᠡ  ᠲᠡᠭᠰᠢ᠂  ᠳᠡᠰ‌‍ᠲ᠋ᠠᠷᠠᠭᠠᠯᠠᠯ ᠢ ᠢᠯᠡ ᠪᠣᠯᠭᠠᠬᠤ᠂ ᠦᠷ᠎ᠡ ᠳ᠋ᠦᠩ ᠢ ᠲᠥᠪ ᠭᠤᠣᠯᠴᠢ ᠪᠠᠶᠢᠯᠭᠠᠬᠤ ᠶᠢ  ᠦᠨᠡᠨ  ᠬᠦ  ᠪᠠᠲᠤᠯᠠᠬᠤ  ᠬᠡᠷᠡᠭᠲᠡᠶ  ᠭᠡᠵᠦ‌‍ᠴᠢᠬᠤᠯᠠᠴᠢᠯᠠᠪᠠ᠃ ᠳ᠋ᠢᠩ ᠰᠢᠤᠸᠠᠢ ᠰᠢᠶᠠᠩ ᠡᠯ᠎ᠡ ᠱᠠᠲᠤᠨ ᠤ ᠨᠠᠮ ᠤᠨ  ᠬᠤᠷᠢᠶ᠎ᠠ  ᠵᠠᠰᠠᠭ ᠤᠨ  ᠣᠷᠳᠣᠨ  ᠨᠢ  ᠶᠡᠭᠡ  ᠳᠡᠭᠡᠳᠦ‌‍ᠰᠤᠷᠭᠠᠭᠤᠯᠢ ᠳᠤ ᠰᠤᠷᠤᠬᠴᠢ ᠡᠯᠰᠡᠬᠦ ᠤᠯᠤᠰ ᠤᠨ ᠨᠢᠭᠡᠳᠦᠯᠲᠡᠢ ᠰᠢᠯᠭᠠᠯᠲᠠ ᠶᠢ ᠵᠠᠰᠠᠯᠲᠠ ᠶᠢᠨ ᠴᠢᠳᠠᠪᠤᠷᠢ ᠶᠢᠨ ᠶᠡᠭᠡ ᠰᠢᠯᠭᠠᠯᠲᠠ‌‍ᠪᠣᠯᠭᠠᠵᠤ᠂ ᠡᠯ᠎ᠡ ᠵᠦᠢᠯ ᠤᠨ ᠦᠢᠯᠡᠴᠢᠯᠡᠭᠡ ᠪᠠᠲᠤᠯᠠᠭ᠎ᠠ ᠶᠢᠨ ᠠᠵᠢᠯ ᠢ ᠴᠢᠩᠭ᠎ᠠ  ᠠᠳᠬᠤᠵᠤ  ᠪᠣᠳᠠᠲᠠᠢ  ᠠᠳᠬᠤᠵᠤ  ᠰᠠᠶᠢᠲᠤᠷ‌ᠠᠳᠬᠤᠵᠤ᠂ ᠨᠠᠮ ᠪᠣᠯᠤᠨ ᠠᠷᠠᠳ ᠲᠦᠮᠡᠨ ᠳᠤ ᠬᠠᠨᠤᠮᠵᠢᠲᠠᠢ  ᠬᠠᠷᠢᠭᠤᠯᠲᠠ ᠶᠢᠨ  ᠬᠠᠭᠤᠳᠠᠰᠤ  ᠲᠤᠰᠢᠶᠠᠬᠤ  ᠬᠡᠷᠡᠭᠲᠡᠢ  ᠭᠡᠵᠦ‌‍ᠱᠠᠭᠠᠷᠳᠠᠵᠠᠢ᠃ 
ᠢᠷᠡᠯᠲᠡ᠄ ᠠᠷᠠᠳ ᠤᠨ ᠰᠦᠯᠵᠢᠶ᠎ᠡ