ᠢᠷᠠᠭᠤ ᠨᠡᠶᠢᠷᠠᠭ
ᠨᠡᠶᠢᠲᠡᠯᠡᠭᠰᠡᠨ ᠴᠠᠭ᠄
2024/6/26
     ᠢᠷᠠᠭᠤ ᠨᠠᠶᠢᠷᠠᠭ ᠪᠤᠯ     ᠠᠳᠠᠷ ᠲᠠᠯ᠎ᠠ ᠠᠴᠠ ᠲᠠᠭᠦᠭᠰᠡᠨ     ᠠᠩᠭᠢᠯᠤᠮ᠎ᠠ ᠴᠡᠴᠡᠭ ᠤᠨ ᠦᠨᠦᠷ ᠪᠢᠰᠢ     ᠢᠷᠠᠭᠤ ᠨᠠᠶᠢᠷᠠᠭ ᠪᠤᠯ     ᠠᠷᠠᠳ ᠲᠦᠮᠡᠨ ᠤ ᠬᠦᠳᠡᠯᠮᠦᠷᠢ ᠠᠴᠠ ᠤᠨᠳᠤᠷᠤᠬᠰᠠᠨ     ᠠᠮᠢᠳᠤᠷᠠᠯ ᠬᠠᠶᠢᠷ᠎ᠠ ᠶᠢᠨ ᠦᠨᠦᠷ ᠮᠦᠨ᠃     ᠢᠷᠠᠭᠤ ᠨᠠᠶᠢᠷᠠᠭ ᠪᠤᠯ     ᠠᠮᠠᠨ ᠤ ᠵᠤᠭ᠎ᠠ ᠪᠠᠷ ᠶᠠᠷᠢᠬᠰᠠᠨ     ᠤᠷᠠᠨ ᠦᠭᠡ ᠶᠢᠨ ᠵᠦᠢᠳᠡᠰᠤ ᠪᠢᠰᠢ     ᠢᠷᠠᠭᠤ ᠨᠠᠶᠢᠷᠠᠭ ᠪᠤᠯ     ᠠᠵᠢᠯ ᠰᠤᠷᠤᠯᠴᠠᠯᠭ᠎ᠠ ᠠᠴᠠ ᠬᠤᠷᠠᠮᠳᠤᠬᠰᠠᠨ     ᠦᠨᠡᠨ ᠰᠡᠳᠬᠢᠯ ᠤᠨ ᠵᠦᠩᠨᠡᠯ ᠮᠦᠨ᠃     ᠢᠷᠠᠭᠤ ᠨᠠᠶᠢᠷᠠᠭ ᠪᠤᠯ     ᠡ᠊ᠩᠭᠡᠷ ᠭᠠᠵᠠᠷ ᠲᠤ ᠤᠷᠭᠤᠬᠰᠠᠨ     ᠦᠩᠭᠡ ᠮᠢᠷᠠᠯᠵᠠᠬᠰᠠᠨ ᠴᠡᠴᠡᠭ ᠪᠢᠰᠢ     ᠢᠷᠠᠭᠤ ᠨᠠᠶᠢᠷᠠᠭ ᠪᠤᠯ     ᠡᠬᠡᠮᠡᠳ ᠲᠤᠮᠤᠭᠠᠳᠠᠳ ᠤᠨ ᠰᠤᠷᠭᠠᠭᠰᠠᠨ     ᠡᠷᠳᠡᠨᠢ ᠶᠢᠨ ᠴᠠᠭᠠᠨ ᠰᠤᠪᠤᠳ ᠮᠦᠨ     ᠢᠷᠠᠭᠤ ᠨᠠᠶᠢᠷᠠᠭ ᠪᠤᠯ     ᠡᠬᠡ ᠪᠠᠶᠢᠭᠠᠯᠢ ᠠᠴᠠ ᠲᠡᠭᠦᠭᠰᠡᠨ     ᠤᠷᠠᠨ ᠦᠭᠡ ᠶᠢᠨ ᠨᠦᠭᠦᠭᠡᠳᠡᠰᠤ ᠪᠢᠰᠢ     ᠢᠷᠠᠭᠤ ᠨᠠᠶᠢᠷᠠᠭ ᠪᠤᠯ     ᠡᠯᠢᠭᠡ ᠵᠢᠷᠦᠬᠡᠨ ᠠᠴᠠ ᠤᠨᠳᠤᠷᠤᠬᠰᠠᠨ     ᠡ᠊ᠩᠬᠡ ᠮᠡᠨᠳᠤ ᠶᠢᠨ ᠪᠡᠯᠭᠡᠳᠡᠯ ᠮᠦᠨ᠃     ᠢᠷᠠᠭᠤ ᠨᠠᠶᠢᠷᠠᠭ ᠪᠤᠯ     ᠮᠦᠷᠡᠨ ᠭᠤᠤᠯ ᠤᠷᠤᠭᠤ ᠴᠢᠳᠬᠤᠬᠰᠠᠨ     ᠤᠷᠤᠰᠠᠬᠯ ᠤᠰᠤᠨ ᠤ ᠱᠤᠤᠭᠢᠶ᠎ᠠ ᠪᠢᠰᠢ     ᠢᠷᠠᠭᠤ ᠨᠠᠶᠢᠷᠠᠭ ᠪᠤᠯ     ᠮᠦᠩᠬᠡ ᠲᠡᠭᠷᠢ ᠠᠴᠠ ᠢᠪᠡᠭᠡᠭᠰᠡᠨ     ᠰᠦᠨ ᠰᠠᠴᠤᠯᠢ ᠶᠢᠨ ᠰᠡᠷᠵᠢᠮ ᠮᠦᠨ᠃     ᠢᠷᠠᠭᠤ ᠨᠠᠶᠢᠷᠠᠭ ᠪᠤᠯ     ᠮᠦᠷᠦᠭᠡᠳᠦᠯ ᠳᠤ ᠰᠢᠩᠭᠡᠭᠰᠡᠨ     ᠤᠷᠳᠤ ᠰᠥᠨᠢ ᠶᠢᠨ ᠵᠡᠭᠦᠳᠤ ᠪᠢᠰᠢ     ᠢᠷᠠᠭᠤ ᠨᠠᠶᠢᠷᠠᠭ ᠪᠤᠯ     ᠮᠤᠩᠭᠤᠯ ᠰᠤᠶᠤᠯ ᠠᠴᠠ ᠰᠤᠶᠤᠭᠠᠯᠠᠬᠰᠠᠨ     ᠬᠠᠶᠢᠷ᠎ᠠ ᠶᠢᠨ ᠨᠠᠨᠳᠢᠨ ᠵᠠᠬᠢᠶ᠎ᠠ ᠮᠦᠨ᠃     ᠢᠷᠠᠭᠤ ᠨᠠᠶᠢᠷᠠᠭ ᠪᠤᠯ     ᠪᠠᠷᠠᠭᠤᠨ ᠠᠭᠤᠯᠠᠨ ᠳᠤ ᠤᠷᠭᠤᠬᠰᠠᠨ     ᠪᠠᠳᠮ᠎ᠠ ᠯᠢᠩᠬᠸ᠎ᠠ ᠴᠡᠴᠡᠭ ᠪᠢᠰᠢ     ᠢᠷᠠᠭᠤ ᠨᠠᠶᠢᠷᠠᠭ ᠪᠤᠯ     ᠪᠠᠶᠠᠯᠢᠭ ᠬᠡᠯᠡ ᠪᠠᠷ ᠢᠶᠠᠨ ᠤᠶᠠᠩᠭᠠᠯᠠᠬᠰᠠᠨ     ᠪᠠᠭ᠋ᠠᠷᠠᠮ᠎ᠠ ᠰᠡᠳᠬᠢᠯ ᠤᠨ ᠴᠤᠤᠷᠢᠶ᠎ᠠ ᠮᠦᠨ᠃     ᠢᠷᠠᠭᠤ ᠨᠠᠶᠢᠷᠠᠭ ᠪᠤᠯ     ᠪᠠᠭᠰᠢ ᠯᠠᠮᠠ ᠶᠢᠨ ᠤᠩᠰᠢᠳᠠᠭ     ᠪᠠᠷᠴᠢᠳ ᠠᠷᠢᠯᠭᠠᠳᠠᠭ ᠭᠦᠷᠢᠮ ᠪᠢᠰᠢ     ᠢᠷᠠᠭᠤ ᠨᠠᠶᠢᠷᠠᠭ ᠪᠤᠯ     ᠪᠠᠶᠢᠭᠠᠯᠢ ᠲᠡᠯᠡᠬᠡᠢ ᠠᠴᠠ ᠰᠤᠶᠤᠷᠬᠠᠬᠰᠠᠨ     ᠪᠠᠷᠠᠬᠳᠠᠰᠢ ᠦᠭᠡᠢ ᠰᠤᠶᠤᠯ ᠮᠦᠨ᠃     ᠢᠷᠠᠭᠤ ᠨᠠᠶᠢᠷᠠᠭ ᠪᠤᠯ     ᠵᠠᠯᠠᠭᠤ ᠽᠠᠨᠳᠠᠨ ᠨᠠᠰᠤᠨ ᠤ     ᠵᠢᠭᠠᠬᠠᠨ ᠴᠠᠭ ᠤᠨ ᠬᠠᠯᠠᠭᠤᠷᠠᠯ ᠪᠢᠰᠢ     ᠢᠷᠠᠭᠤ ᠨᠠᠶᠢᠷᠠᠭ ᠪᠤᠯ     ᠵᠠᠭᠤᠨ ᠵᠠᠭᠤᠨ ᠢ ᠰᠤᠨᠳᠠᠯᠠᠬᠰᠠᠨ     ᠵᠠᠭᠤᠷᠠᠳᠤ ᠶᠢᠨ ᠵᠤᠵᠠᠭᠠᠨ ᠨᠤᠮ ᠮᠦᠨ᠃     ᠢᠷᠠᠭᠤ ᠨᠠᠶᠢᠷᠠᠭ ᠪᠤᠯ     ᠵᠤᠨ ᠳᠠᠭᠠᠨ ᠮᠦᠰᠢᠶᠡᠨ ᠲᠡᠯᠭᠡᠷᠡᠳᠡᠭ     ᠵᠢᠮᠢᠰ ᠤᠨ ᠬᠤᠨᠳᠤᠨ ᠴᠡᠴᠡᠭ ᠪᠢᠰᠢ     ᠢᠷᠠᠭᠤ ᠨᠠᠶᠢᠷᠠᠭ ᠪᠤᠯ     ᠵᠦᠩ ᠰᠤᠪᠢᠩ ᠠᠴᠠ ᠤᠨᠳᠤᠷᠤᠬᠰᠠᠨ     ᠵᠢᠷᠦᠬᠡᠨ ᠠᠷᠢᠭᠤᠨ ᠲᠠᠯᠠᠰᠳᠤ ᠮᠦᠨ᠃ 
ᠢᠷᠡᠯᠲᠡ᠄ ᠣᠷᠳᠣᠰ ᠮᠣᠩᠭᠤᠯ ᠰᠦᠯᠵᠢᠶ᠎ᠡ​