ᠦᠭᠡᠷᠴᠢᠨ ᠤ ᠲᠠᠭᠤᠯᠠᠯ
ᠨᠡᠶᠢᠲᠡᠯᠡᠭᠰᠡᠨ ᠴᠠᠭ᠄
2024/6/19
     ᠭᠡᠭᠡᠷ ᠮᠣᠷᠢ ᠲᠠᠢ ᠨᠢᠭᠡᠨ ᠵᠠᠯᠠᠭᠤ ᠭᠡᠩᠭᠦᠯᠵᠡᠵᠦ ᠶᠠᠪᠣᠨ᠎ᠠ     ᠭᠡᠭᠡᠷ᠎ᠡ ᠲᠠᠯ᠎ᠠ ᠶᠢᠨ ᠢᠶᠠᠨ ᠲᠣᠷᠭᠠᠨ ᠵᠢᠪᠠᠷ ᠢ ᠵᠠᠯᠭᠢᠯᠠᠵᠣ ᠶᠠᠪᠣᠨ᠎ᠠ     ᠲᠠᠩᠰᠤᠭ ᠰᠠᠶᠢᠬᠠᠨ ᠨᠣᠳᠤᠭ ᠤᠨ ᠢᠶᠠᠨ ᠡᠯᠢᠭᠡᠨ ᠳᠤ ᠪᠠᠶᠠᠷᠯᠠᠵᠣ ᠶᠠᠪᠣᠨ᠎ᠠ     ᠲᠠᠭᠠᠲᠠᠢ ᠢᠳᠡᠰᠢᠯᠡᠬᠦ ᠰᠦᠷᠦᠭ ᠢᠶᠠᠨ ᠬᠠᠷᠠᠨ ᠲᠣᠭᠳᠣᠯᠵᠣ ᠶᠠᠪᠣᠨ᠎ᠡ          ᠬᠤᠯᠠ ᠭᠠᠷᠣᠭᠰᠠᠨ ᠣᠷᠢᠳᠣᠭᠢ ᠵᠢᠯ ᠤᠳ ᠢᠶᠠᠨ ᠰᠠᠨᠠᠵᠣ ᠶᠠᠪᠣᠨ᠎ᠠ          ᠬᠤᠳᠠ ᠣᠷᠣᠭᠠᠳ ᠭᠢᠭᠰᠡᠨ ᠠᠵᠢᠯ ᠢᠶᠠᠨ ᠡᠷᠭᠢᠴᠡᠭᠦᠯᠵᠣ ᠶᠠᠪᠣᠨ᠎ᠠ          ᠬᠦᠯᠦᠰᠦᠨ ᠳᠤ ᠲᠡᠪᠳᠦᠭᠰᠡᠨ ᠬᠦᠨᠳᠦ ᠬᠦᠳᠡᠯᠮᠦᠷᠢ ᠶᠢ ᠪᠣᠳᠣᠵᠣ ᠶᠠᠪᠣᠨ᠎ᠠ          ᠬᠤᠨᠤᠭ ᠤᠨ ᠨᠦᠢᠷ ᠲᠤ ᠨᠣᠳᠤᠭ ᠢᠶᠠᠨ ᠵᠡᠭᠦᠳᠦᠯᠡᠳᠡᠭ ᠢᠶᠠᠨ ᠲᠣᠷᠠᠰᠴᠣ ᠶᠠᠪᠣᠨ᠎ᠠ     ᠭᠠᠩ ᠤᠨ ᠨᠠᠷᠠ ᠲᠠᠢ ᠲᠡᠷᠡ ᠵᠣᠨ ᠭᠡᠭᠡᠷ᠎ᠡ ᠲᠠᠯ᠎ᠠ ᠬᠠᠯᠴᠠᠭᠠᠢ     ᠭᠠᠴᠢᠭᠳᠠᠭᠰᠠᠨ ᠢᠶᠠᠨ ᠭᠠᠷᠭᠠᠶ᠎ᠠ ᠭᠡᠭᠦ ᠳᠤ ᠨᠢᠯᠪᠣᠰᠣ ᠬᠠᠷᠠᠬᠠᠨ ᠣᠯᠳᠠᠬᠤ ᠦᠭᠡᠢ     ᠮᠦᠯᠬᠦᠮᠡᠷ ᠮᠦᠯᠬᠦᠮᠡᠷ ᠮᠠᠯ ᠣᠨᠤᠭ᠎ᠠ ᠵᠢᠷᠦᠬᠡ ᠡᠪᠡᠳᠦᠮ᠎ᠡ ᠲᠣᠷᠠᠩᠬᠠᠢ     ᠮᠦᠩᠭᠦ ᠲᠠᠢ ᠬᠦᠮᠦᠰ ᠠᠴᠠ ᠵᠢᠭᠡᠯᠡᠶ᠎ᠡ ᠬᠡᠬᠦ ᠳᠤ ᠨᠢᠳᠦᠨ ᠳᠡᠭᠡᠨ ᠴᠦ ᠬᠠᠪᠴᠢᠬᠤ ᠦᠭᠡᠢ          ᠬᠦᠮᠦᠨ ᠤ ᠭᠠᠵᠠᠷ ᠠᠴᠠ ᠵᠣᠭᠤᠰ ᠣᠯᠵᠣ ᠡᠪᠦᠷᠯᠡᠭᠦ ᠭᠡᠭᠴᠢ          ᠬᠦᠴᠢᠷ ᠪᠡᠷᠭᠡ ᠬᠡᠴᠢᠨᠡᠬᠡᠨ ᠶᠡᠭᠡ ᠶᠢ ᠠᠵᠢᠯ ᠭᠢᠵᠦ ᠯᠡ ᠪᠠᠶᠢᠵᠣ ᠮᠡᠳᠡᠷᠡᠨ᠎ᠡ          ᠡᠵᠡᠨᠳᠡᠨ ᠤ ᠭᠠᠷ ᠠᠴᠠ ᠴᠠᠯᠢᠩ ᠢᠶᠠᠨ ᠪᠦᠳᠦᠨ ᠲᠣᠰᠬᠤ ᠭᠡᠳᠡᠭ          ᠡᠷᠭᠡ ᠴᠢᠯᠦᠭᠡ ᠶᠠᠮᠠᠷᠬᠠᠨ ᠰᠠᠶᠢᠬᠠᠨ ᠢ ᠵᠠᠷᠣᠭᠳᠠᠵᠣ ᠯᠡ ᠪᠠᠶᠢᠵᠣ ᠣᠶᠢᠯᠠᠭᠠᠨ᠎ᠠ     ᠲᠠᠯᠠᠢ ᠲᠣᠳᠣᠷ᠎ᠠ ᠠᠴᠠ ᠣᠷᠭᠤᠵᠣ ᠪᠠᠶᠢᠬᠤ ᠰᠢᠭ᠋ ᠨᠠᠷᠠ ᠶᠢ ᠬᠠᠷᠠᠬᠤ ᠳᠤ     ᠲᠠᠯᠠᠩ ᠲᠠᠢ ᠠᠷᠭᠠᠯ ᠲᠡᠭᠡᠷ᠎ᠡ ᠠᠴᠠ ᠮᠠᠨᠳᠣᠵᠣ ᠪᠣᠢ ᠮᠡᠳᠦ ᠨᠠᠷᠠ ᠪᠠᠨ ᠰᠠᠨᠠᠨ᠎ᠠ     ᠡᠷᠢᠨ ᠡᠷᠢᠨ ᠤ ᠬᠤᠭᠤᠯᠠ ᠨᠣᠭᠤᠭ᠎ᠠ ᠶᠢᠨ ᠰᠢᠭᠢᠷᠯᠢᠭ ᠢ ᠵᠠᠵᠢᠯᠬᠤ ᠳᠤ     ᠡᠵᠢ ᠶᠢᠨ ᠭᠢᠭᠰᠡᠨ ᠡᠭᠡᠵᠡᠭᠡᠢ ᠬᠤᠷᠣᠳ ᠰᠢᠯᠦᠰᠣ ᠬᠤᠷᠠᠭᠤᠯᠵᠣ ᠬᠠᠷᠠᠭᠳᠠᠨ᠎ᠠ          ᠬᠠᠷᠢᠬᠤ ᠰᠠᠨ ᠭᠡᠰᠡᠨ ᠰᠢᠭᠤᠳᠤᠮᠠᠭᠠᠢ ᠪᠣᠳᠣᠯ ᠳᠤ ᠨᠣᠳᠤᠭ ᠤᠨ ᠲᠦᠷᠭᠦ ᠦᠵᠡᠭᠳᠡᠨ᠎ᠡ          ᠬᠦᠷ ᠬᠦᠷ ᠭᠡᠵᠦ ᠭᠠᠯᠳᠦ ᠲᠡᠷᠭᠡ ᠶᠠᠭᠠᠭᠢᠭᠰᠠᠨ ᠣᠳᠠᠭᠠᠨ ᠪᠣᠢ          ᠮᠦᠭᠡᠷᠡᠯᠳᠦᠨ ᠮᠠᠶᠢᠯᠠᠯᠳᠣᠭᠰᠠᠨ ᠮᠠᠯ ᠣᠨᠤᠭ᠎ᠠ ᠨᠢᠳᠦᠨ ᠲᠣᠣᠷᠠᠬᠠᠨ ᠬᠠᠷᠠᠭᠳᠠᠨ᠎ᠠ          ᠮᠦᠩᠭᠦᠨ ᠤ ᠠᠭᠤᠯᠤᠭᠳᠠᠴᠠ ᠲᠠᠢ ᠨᠣᠳᠤᠭ ᠠᠴᠠ ᠪᠠᠨ ᠶᠠᠭᠤᠨ ᠳᠤ ᠬᠤᠯᠠᠳᠠᠬᠤ ᠪᠣᠢ     ᠲᠣᠭᠠᠨ ᠤ ᠬᠤᠪᠢᠷᠠᠯᠳᠠ ᠠᠴᠠ ᠴᠢᠨᠠᠷ ᠤᠨ ᠬᠤᠪᠢᠷᠠᠯᠳᠠ ᠳᠤ ᠭᠦᠷᠭᠦ ᠴᠢᠬᠤᠯᠠ     ᠣᠳᠣᠮᠰᠢᠯ ᠤᠨ ᠠᠷᠭ᠎ᠠ ᠬᠤᠴᠣᠷᠣᠩᠭᠤᠢ ᠰᠠᠶᠢᠨ ᠡᠭᠦᠯᠳᠡᠷ ᠢ ᠪᠠᠭ᠋ᠠᠰᠢᠶᠠᠪᠠ     ᠦᠢᠯᠡᠰ ᠠᠮᠵᠢᠯᠳᠠ ᠭᠡᠵᠣ ᠭᠡᠯᠡᠭᠦ ᠠᠴᠠ ᠪᠢᠰᠢ ᠭᠢᠬᠦ ᠪᠠᠷ ᠢᠷᠡᠵᠦ ᠪᠦᠳᠦᠳᠡᠭ ᠳ᠋ᠦᠩ     ᠲᠣᠭᠤᠯ ᠲᠣᠷᠨᠢᠭᠤᠨ ᠰᠡᠳᠬᠢᠯ ᠲᠡᠨᠢᠭᠦᠨ ᠡᠷᠴᠢ ᠬᠦᠴᠦᠨ ᠪᠠᠳᠠᠷᠠᠩᠭᠤᠢ          ᠭᠡᠭᠡᠷ ᠮᠣᠷᠢ ᠲᠠᠢ ᠨᠢᠭᠡᠨ ᠵᠠᠯᠠᠭᠤ ᠭᠡᠩᠭᠦᠯᠵᠡᠵᠦ ᠶᠠᠪᠣᠨ᠎ᠠ          ᠭᠡᠳᠦ ᠶᠢᠨ ᠰᠠᠶᠢᠬᠠᠨ ᠠᠮᠢᠳᠣᠷᠠᠯ ᠤᠨ ᠢᠶᠠᠨ ᠲᠦᠯᠦᠭᠡ ᠣᠷᠮᠠᠰᠢᠵᠣ ᠶᠠᠪᠣᠨ᠎ᠠ          ᠨᠣᠳᠤᠭ ᠤᠨ ᠢᠶᠠᠨ ᠬᠦᠷᠦᠰᠦᠨ ᠲᠡᠭᠡᠷ᠎ᠡ ᠪᠠᠶᠢᠭᠤᠯᠵᠣ ᠴᠢᠳᠠᠬᠤ ᠵᠢᠷᠭᠠᠯ ᠯᠡ          ᠨᠣᠶᠠᠨ ᠣᠷᠭᠢᠯ ᠲᠡᠭᠡᠷ᠎ᠡ ᠠᠴᠠ ᠨᠠᠷᠠ ᠶᠢ ᠣᠭᠳᠣᠭᠰᠠᠨ ᠰᠢᠭ᠋ ᠣᠮᠣᠭᠰᠢᠵᠣ ᠶᠠᠪᠣᠨ᠎ᠠ︕ 
ᠢᠷᠡᠯᠲᠡ᠄ ᠣᠷᠳᠣᠰ ᠮᠣᠩᠭᠤᠯ ᠰᠦᠯᠵᠢᠶ᠎ᠡ