ᠮᠦᠯᠢᠭᠡᠷ ᠴᠠᠭᠠᠨ ᠰᠠᠷᠠᠨ
ᠨᠡᠶᠢᠲᠡᠯᠡᠭᠰᠡᠨ ᠴᠠᠭ᠄
2024/6/19
                  ● ᠷᠢ᠊᠂ ᠰᠡᠴᠡᠨᠳᠤ   ᠨᠢᠭᠤᠴᠠᠬᠠᠨ ᠮᠦᠷᠳᠡᠭᠡᠨ ᠢᠯᠡᠬᠡᠨ   ᠨᠠᠮᠤᠭᠤᠨ ᠵᠢᠯᠮᠤᠬᠦᠬᠡᠨ ᠦᠳᠡᠰᠢ ᠪᠠᠷ   ᠨᠠᠮᠤᠷ ᠤᠨ ᠮᠦᠯᠢᠭᠡᠷ ᠴᠠᠭᠠᠨ ᠰᠠᠷᠠᠨ   ᠨᠠᠮ᠎ᠠ ᠶᠢ ᠭᠠᠭᠴᠠᠭᠠᠷ ᠪᠠᠶᠢᠬᠤ ᠳᠤ ᠤᠷᠤᠵᠤ ᠢᠷᠡᠨ᠎ᠡ   ᠪᠢ ᠬᠡᠴᠢᠨᠡᠭᠡᠨ ᠬᠦᠯᠢᠶᠡᠵᠤ ᠮᠦᠷᠤᠭᠡᠳᠤᠭ᠍ᠰᠡᠨ ᠢᠶᠠᠨ   ᠪᠡᠶ᠎ᠡ ᠵᠢᠭᠵᠢᠬᠦᠷᠡᠰᠬᠢᠨ ᠰᠠᠨᠠᠵᠤ ᠮᠡᠳᠡᠷᠡᠬᠦ ᠳᠤ   ᠤᠷᠤ ᠬᠦᠨᠵᠢᠯᠡ ᠪᠠᠷ ᠮᠢᠨᠢ ᠨᠢᠭᠡ ᠲᠠᠷᠬᠠᠭᠰᠠᠨ   ᠡᠪᠤᠷ ᠲᠦᠬᠦᠷᠡᠩ ᠬᠦᠢᠳᠡᠨ ᠵᠢᠪᠡᠷ ᠰᠠᠩᠬᠢᠨᠡᠨ᠎ᠡ   ᠤᠷᠤᠢ ᠲᠡᠭᠡᠷ᠎ᠡ ᠠᠴᠠ ᠠᠰᠠᠬᠤ ᠰᠠᠷᠠ   ᠤᠷᠤᠭᠠᠳ ᠭᠠᠷᠤᠭᠰᠠᠨ ᠬᠡᠨ ᠨᠢᠭᠡᠨ ᠤ   ᠤᠨᠴᠠ ᠶᠢᠨ ᠬᠠᠯᠠᠭᠤᠨ ᠲᠤᠯᠠᠭᠠᠨ   ᠢᠨᠠᠭ ᠰᠡᠳᠬᠢᠯ ᠤᠨ ᠢᠯᠴᠢ ᠶᠢ ᠦᠭᠡᠶᠢᠯᠡᠬᠦᠯᠤᠨ᠎ᠡ   ᠢᠷᠡᠮᠡᠷᠬᠡᠨ ᠪᠠᠶᠢᠭᠰᠠᠨ ᠲᠡᠬᠦᠨ ᠤ ᠮᠢᠨᠢ   ᠢᠳᠡᠭᠡᠯ ᠤᠨ ᠭᠠᠭᠴᠠ ᠲᠦᠯᠤᠭᠡᠯᠡᠯ ᠪᠤᠯᠵᠤ   ᠲᠡᠷᠭᠡᠯ ᠴᠠᠭᠠᠨ ᠰᠠᠷᠠᠨ ᠨᠢ ᠡᠷᠬᠡ ᠦᠭᠡᠢ   ᠲᠡᠷᠳᠡᠭᠡ ᠲᠠᠯ᠎ᠠ ᠳᠤ ᠬᠢᠷᠠᠭᠤ ᠲᠠᠢ ᠮᠡᠯᠴᠠᠶᠢᠨ᠎ᠠ᠃ ᠬᠦᠮᠤᠨ ᠴᠢᠯᠠᠭᠤ    ᠦᠷᠯᠤᠭᠡ ᠪᠤᠯᠭᠠᠨ ᠤ ᠨᠠᠷᠠ   ᠡᠮᠤᠨ᠎ᠡ ᠠᠴᠠ ᠮᠢᠨᠢ ᠢᠷᠡᠵᠤ ᠲᠤᠰᠤᠨ᠎ᠠ   ᠦᠷᠤᠨ᠎ᠡ ᠶᠢᠨ ᠤᠶᠢᠳᠬᠠᠷᠳᠤ ᠴᠡᠩᠬᠡᠷ ᠰᠠᠯᠬᠢ   ᠡᠳᠤᠷ ᠡᠳᠤᠷ ᠨᠠᠮ᠎ᠠ ᠶᠢ ᠴᠢᠯᠤᠭᠡᠯᠡᠬᠦ ᠭᠡᠵᠤ   ᠡᠬᠦᠯᠡᠰ ᠪᠤᠷᠤᠭᠠᠨ ᠲᠠᠢ ᠪᠠᠨ   ᠦᠷᠬᠦᠯᠵᠢᠯᠡᠭᠰᠡᠨ ᠤᠨ ᠵᠠᠭᠤᠨ   ᠦᠭᠡᠳᠡᠰᠤᠨ ᠰᠡᠬᠦᠳᠡᠷ ᠢ ᠮᠢᠨᠢ ᠴᠤ   ᠥᠨᠥᠴᠢᠷᠡᠩᠭᠦᠢ ᠲᠠᠯ᠎ᠠ ᠳᠠᠭᠠᠨ   ᠴᠤᠷ ᠤᠨ ᠭᠠᠭᠴᠠ ᠬᠠᠨᠢ ᠪᠤᠯᠭᠠᠨ ᠠᠷᠭᠠᠳᠠᠵᠤ   ᠴᠢᠨᠤ ᠎ᠠ᠂ ᠬᠠᠷᠢᠶ᠎ᠡ ᠬᠤᠶᠠᠷ ᠳᠠᠭᠠᠨ ᠵᠠᠬᠢᠵᠠᠢ   ᠤᠷᠳᠤ ᠶᠢᠨ ᠲᠠᠭᠤᠤ ᠰᠢᠬ ᠴᠡᠩᠬᠡᠷ ᠵᠡᠷᠭᠡᠯᠭᠡ   ᠤᠷᠤᠰᠤᠨ ᠲᠡᠬᠦᠯᠢᠵᠤ᠂ ᠲᠡᠷᠭᠡᠳᠡᠬᠦᠷ ᠭᠠᠷᠤᠨ᠎ᠠ   ᠦᠷᠯᠦᠭ ᠲᠡᠤᠭᠡᠳᠤ ᠰᠦᠰᠤ ᠵᠤᠷᠢᠭ ᠮᠢᠨᠢ   ᠦᠰᠢᠯ ᠦᠰᠢᠨ ᠬᠠᠳᠠᠭᠤᠵᠢᠨ ᠲᠢᠩᠭᠠᠨᠠᠵᠤ   ᠦᠬᠦᠯ ᠦᠭᠡᠢ ᠮᠦᠩᠬᠡ ᠶᠢᠨ ᠤᠯᠠᠷᠢᠯ   ᠦᠩᠭᠡ ᠶᠢᠨ ᠴᠡᠴᠡᠭᠡᠰ ᠡᠷᠪᠡᠭᠡᠢ    ᠬᠤᠶᠠᠷ ᠲᠠᠢ ᠪᠠᠨ ᠨᠢᠯᠬᠠᠷᠠᠨ᠎ᠠ   ᠡᠳᠤᠷ ᠪᠦᠬᠦᠳᠡ ᠶᠢᠨ ᠡ᠊ᠩᠬᠡ ᠶᠢᠨ ᠮᠡᠨᠳᠤ   ᠡᠷᠡᠬᠦᠤ ᠴᠠᠭᠠᠨ ᠪᠤᠯᠵᠤᠮᠤᠷ ᠨᠢ ᠵᠢᠷᠭᠢᠯᠳᠤᠨ᠎ᠡ   ᠦᠰᠬᠦ ᠠᠴᠠ ᠡᠬᠢᠯᠡᠭᠰᠡᠨ ᠴᠠᠭ ᠬᠤᠭᠤᠴᠠᠭ᠎ᠠ   ᠡᠮᠤᠨ᠎ᠡ ᠮᠢᠨᠢ ᠢᠷᠡᠵᠤ ᠰᠢᠷᠤᠢ ᠲᠤᠭᠤᠰᠤ ᠬᠤᠷᠠᠨ᠎ᠠ   ᠨᠠᠳᠠᠳᠤ ᠡᠬᠦᠷᠢᠳᠤᠯ ᠭᠡᠵᠤ ᠪᠠᠶᠢᠬᠤ ᠦᠭᠡᠢ   ᠨᠠᠷᠠ᠂ ᠨᠠᠮ᠎ᠠ ᠶᠢ ᠲᠠᠳᠠᠵᠤ ᠪᠤᠰᠬᠤ ᠭᠡᠵᠤ   ᠨᠠᠶᠠᠨ ᠲᠦᠮᠡᠨ ᠰᠠᠴᠤᠷᠠᠭ ᠭᠡᠷᠡᠯ ᠢᠶᠠᠷ ᠢᠶᠠᠨ ᠪᠤᠯᠢᠶᠠᠯᠳᠤᠨ   ᠨᠠᠶᠠᠨ ᠲᠦᠮᠡᠨ ᠵᠢᠯ ᠴᠢᠳᠠᠯ ᠮᠡᠬᠦᠰᠬᠡᠨ ᠪᠦᠬᠦ᠋ᠢᠨ᠎ᠡ   ᠮᠢᠨᠤ ᠶᠠᠪᠤᠬᠤ ᠴᠠᠭ ᠬᠦᠯᠢᠶᠡᠯᠳᠡ ᠪᠦᠬᠦᠨ ᠤ ᠲᠡᠬᠦᠰᠭᠡᠯ   ᠮᠠᠨ ᠤ ᠭᠠᠷᠠᠭ ᠤᠨ ᠬᠦᠮᠤᠰ ᠤᠷᠴᠢᠯᠠᠩ ᠢ ᠤᠷᠬᠢᠬᠤ ᠴᠠᠭ   ᠮᠠᠷᠭᠠᠰᠢ ᠭᠡᠪᠡᠴᠤ ᠪᠠᠰᠠ ᠪᠠᠶᠢᠭᠰᠠᠭᠠᠷ   ᠮᠠᠯ ᠰᠦᠷᠦᠭ ᠠᠭᠤᠯᠠ ᠲᠠᠯ᠎ᠠ ᠳᠠᠭᠠᠨ ᠪᠤᠴᠠᠨ᠎ᠠ᠃ ᠪᠤᠯᠤᠮᠵᠢ    ᠮᠤᠷᠢᠳ ᠬᠠᠶᠠ ᠲᠠᠳᠠᠯᠭᠠᠨ ᠪᠢᠴᠢᠯᠭᠡ ᠰᠢᠭ   ᠮᠢᠷᠡᠯᠵᠠᠭᠠᠨ ᠲᠤᠮᠳᠠ ᠪᠠᠨ ᠦᠰᠦᠭᠯᠡᠵᠤ ᠬᠠᠷᠠᠭᠳᠠᠨ᠎ᠠ   ᠮᠠᠳᠠᠷ ᠬᠠᠶᠠ ᠤᠯᠠᠭᠠᠨ ᠬᠤᠭᠤᠷᠮᠠᠭ ᠰᠢᠭ᠋   ᠮᠦᠯᠬᠦᠭᠡᠨ ᠲᠤᠮᠳᠡ ᠪᠠᠨ ᠰᠢᠪᠠᠷᠰᠢᠵᠤ ᠬᠠᠷᠠᠭᠳᠠᠨ᠎ᠠ    ᠮᠤᠳᠤᠳ ᠬᠠᠶᠠ ᠭᠠᠵᠠᠷ ᠤᠨ ᠲᠤᠭ ᠰᠢᠬ   ᠮᠠᠩᠬᠠᠨ ᠲᠤᠮᠳᠡ ᠪᠠᠨ ᠲᠠᠷᠴᠠᠭᠯᠠᠵᠤ ᠬᠠᠷᠠᠭᠳᠠᠨ᠎ᠠ   ᠮᠦᠭᠡᠷ ᠬᠠᠶᠠ ᠬᠡᠭᠡᠰᠤ ᠲᠠᠢ ᠰᠠᠷᠠ ᠰᠢᠭ᠋   ᠮᠦᠰᠤᠨ ᠲᠡᠭᠡᠷ᠎ᠡ ᠪᠠᠨ ᠭᠡᠷᠡᠯᠳᠤᠵᠤ ᠬᠠᠷᠠᠭᠳᠠᠨ᠎ᠠ    ᠮᠠᠨᠠᠨ ᠬᠠᠶᠠ ᠤᠢ ᠶᠢᠨ ᠵᠡᠬᠦᠳᠤ ᠰᠢᠭ   ᠤᠷᠬᠢᠯ ᠲᠤᠮᠳᠠ ᠪᠠᠨ ᠵᠠᠮᠬᠠᠷᠠᠵᠤ ᠬᠠᠷᠠᠭᠳᠠᠨ᠎ᠠ   ᠮᠠᠷᠠᠯ ᠬᠠᠶᠠ ᠦᠳᠡᠰᠢ ᠶᠢᠨ ᠤᠴᠢ ᠰᠢᠭ᠋   ᠤᠭᠳᠠᠷᠭᠤᠢ ᠲᠤᠮᠳᠠ ᠪᠠᠨ ᠭᠢᠯᠠᠯᠵᠠᠵᠤ ᠬᠠᠷᠠᠭᠳᠠᠨ᠎ᠠ    ᠮᠠᠶᠢᠬᠠᠨ ᠬᠠᠶᠠ ᠲᠠᠯ᠎ᠠ ᠶᠢᠨ ᠵᠠᠭᠠᠨ ᠰᠢᠭ᠋   ᠬᠠᠳᠤᠯᠠᠩ ᠲᠤᠮᠳᠠ ᠪᠠᠨ ᠪᠡᠯᠴᠢᠵᠤ ᠬᠠᠷᠠᠭᠳᠠᠨ᠎ᠠ   ᠮᠠᠨᠠᠭᠤᠯ ᠬᠠᠶᠠ ᠪᠤᠤᠬᠠᠢ ᠶᠢᠨ ᠰᠦᠨᠡᠰᠤ ᠰᠢᠭ   ᠬᠤᠳᠠᠨ ᠵᠠᠬ᠎ᠠ ᠳᠤ ᠮᠢᠷᠢᠶᠠᠵᠤ ᠬᠠᠷᠠᠭᠳᠠᠨ᠎ᠠ    ᠮᠠᠵᠠᠭᠠᠯᠠᠢ ᠬᠠᠶᠠ ᠨᠤᠤᠰᠤᠨ ᠪᠦᠮᠪᠦᠭᠡ ᠰᠢᠭ   ᠡᠯᠡᠰᠤᠨ ᠲᠤᠮᠳᠠ ᠪᠠᠨ ᠲᠡᠭᠳᠡᠵᠤ ᠬᠠᠷᠠᠭᠳᠠᠨ᠎ᠠ   ᠮᠦᠨᠳᠤᠢ ᠬᠠᠶᠠ ᠮᠤᠤᠲ᠋ᠤ ᠴᠠᠭᠠᠰᠤ ᠰᠢᠭ᠋   ᠡᠵᠡᠬᠦᠢ ᠲᠤᠮᠳᠡ ᠪᠠᠨ ᠬᠤᠶᠢᠯᠠᠷᠠᠵᠤ ᠬᠠᠷᠠᠭᠳᠠᠨ᠎ᠠ᠃   
ᠢᠷᠡᠯᠲᠡ᠄ ᠣᠷᠳᠣᠰ ᠮᠣᠩᠭᠤᠯ ᠰᠦᠯᠵᠢᠶ᠎ᠡ