ᠨᠠᠢᠮᠠᠨ ᠵᠠᠭᠤᠨ ᠤ ᠪᠠᠷ᠎ᠡ
ᠨᠡᠶᠢᠲᠡᠯᠡᠭᠰᠡᠨ ᠴᠠᠭ᠄
2024/5/29
   ᠬᠠᠷᠠᠭ᠎ᠠ ᠰᠤᠨᠤᠭᠠᠬᠰᠠᠨ ᠲᠠᠯ᠎ᠠ ᠪᠠᠨ ᠲᠤᠷᠠᠰᠬᠤ ᠳᠤ   ᠬᠠᠲᠤᠨ ᠡᠵᠢ ᠶᠢᠨ ᠮᠢᠨᠢ ᠬᠠᠶᠢᠷ᠎ᠠ ᠮᠡᠯᠮᠡᠷᠡᠨ᠎ᠡ   ᠭᠠᠯᠠᠭᠤ ᠰᠢᠪᠠᠭᠤ ᠲᠠᠢ ᠨᠠᠭᠤᠷ ᠤᠨ ᠵᠠᠬ᠎ᠠ ᠳᠤ   ᠭᠠᠨᠭ᠍ᠭᠠᠡᠭ ᠨᠤᠲᠤᠭ ᠢᠶᠠᠨ ᠰᠠᠷᠠᠪᠴᠢᠯᠠᠵᠤ ᠬᠠᠷᠠᠬᠳᠠᠨ᠎ᠠ   ᠨᠠᠳᠠ ᠶᠠᠷᠢᠬᠰᠠᠨ ᠦᠯᠢᠬᠡᠷ ᠪᠦᠬᠦᠨ ᠨᠢ   ᠨᠠᠢᠮᠠᠨ ᠬᠠᠨ᠎ᠠ ᠶᠢᠨ ᠲᠡᠯᠭᠡᠴᠡ ᠶᠤᠮ ᠡ   ᠨᠠᠷᠠᠯᠠᠭ ᠬᠤᠷᠸ᠎ᠠ ᠶᠢᠨ ᠵᠡᠭᠦᠳᠦ ᠮᠠᠨᠠᠬᠰᠠᠨ   ᠨᠠᠢᠮᠠᠨ ᠵᠠᠭᠤᠨ ᠤ ᠪᠠᠷ᠎ᠠ ᠶᠤᠮ ᠡ   ᠬᠠᠰᠠᠭ ᠴᠦᠷᠭᠡᠯᠡᠭᠰᠡᠨ ᠨᠡᠭᠦᠳᠡᠯ ᠢᠶᠠᠨ ᠦᠬᠡᠶᠢᠯᠡᠬᠦ ᠳᠤ   ᠬᠠᠭᠠᠨ ᠠᠪᠤ ᠶᠢᠨ ᠮᠢᠨᠢ ᠰᠤᠷᠭᠠᠯ ᠪᠤᠳᠤᠬᠳᠠᠨ᠎ᠠ   ᠬᠠᠨᠳᠠᠭᠠᠢ ᠵᠡᠭᠡᠷ᠎ᠡ ᠲᠠᠢ ᠠᠭᠤᠯᠠᠨ ᠤᠷᠤᠢ ᠳᠤ   ᠬᠠᠷᠪᠤᠬᠰᠠᠨ ᠰᠤᠮᠤ ᠪᠠᠨ ᠡᠷᠢᠵᠤ ᠬᠠᠷᠠᠬᠳᠠᠨ᠎ᠠ    ︵ᠲᠠᠬᠢᠯᠲᠠ︶   ᠲᠡᠤᠬᠡ ᠤᠯᠠᠮᠵᠢᠯᠠᠬᠰᠠᠨ ᠰᠤᠶᠤᠯ ᠢᠶᠠᠨ ᠲᠡᠭᠡᠳᠦᠯᠡᠭᠦ ᠳᠤ   ᠲᠡᠭᠷᠢ ᠡᠵᠡᠨ ᠤ ᠮᠢᠨᠢ ᠢᠪᠡᠭᠡᠯ ᠰᠤᠶᠤᠷᠬᠠᠨ᠎ᠠ   ᠲᠡᠭᠡᠳᠦ ᠶᠢᠨ ᠰᠢᠲᠦᠭᠡᠨᠲᠤ ᠪᠤᠷᠬᠠᠨ ᠬᠠᠯᠲᠤᠨ ᠳᠠᠭᠠᠨ   ᠲᠡᠯᠡᠬᠡᠢ ᠶᠢᠨ ᠠᠷᠢᠭᠤᠨ ᠵᠢᠳᠬᠦᠯ ᠢᠶᠠᠨ ᠮᠦᠡᠭᠭᠡᠯᠡᠨ᠎ᠡ    ︵ᠲᠠᠬᠢᠯᠲᠠ︶
ᠢᠷᠡᠯᠲᠡ᠄ ᠣᠷᠳᠣᠰ ᠮᠣᠩᠭᠤᠯ ᠰᠦᠯᠵᠢᠶ᠎ᠡ