ᠳᠡᠯᠡᠬᠡᠶ ᠶᠢᠨ ᠠᠩᠬᠠᠳᠠᠭᠴᠢ ᠵᠢᠱᠢᠶ᠎ᠡ︕ ᠠᠮᠵᠢᠯᠲᠠ ᠣᠯᠪᠠ
ᠨᠡᠶᠢᠲᠡᠯᠡᠭᠰᠡᠨ ᠴᠠᠭ᠄
2024/5/29
         ᠠᠨᠾᠦ᠋ᠢ ᠶᠢᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠨᠢᠭᠡᠳᠦᠭᠡᠷ  ᠬᠠᠷᠢᠶᠠᠲᠤ  ᠡᠮᠨᠡᠯᠭᠡ ᠶᠢᠨ  ᠬᠤᠷᠢᠶᠠᠨ ‍ᠤ‌ᠮᠡᠳᠡᠭᠡ 5 ᠰᠠᠷ᠎ᠠ ᠶᠢᠨ 17 ᠤ ᠡᠳᠦᠷ᠂ ᠲᠣᠰ ᠡᠮᠨᠡᠯᠭᠡ ᠶᠢᠨ ᠬᠤᠷᠢᠶᠠᠨ ᠤ ᠫᠷᠤᠹᠧᠰᠰᠤᠷ  ᠰᠦᠨ  ᠪᠧᠶ  ᠴᠧᠩ ᠤᠨ  ᠪᠦᠯᠬᠦᠮ‌‍ᠪᠣᠯᠤᠨ ᠶᠦᠨᠨᠠᠨ ᠤ ᠲᠠᠷᠢᠶᠠᠯᠠᠩ ᠤᠨ ᠶᠡᠭᠡ ᠰᠤᠷᠭᠠᠭᠤᠯᠢ ᠶᠢᠨ ᠫᠷᠤᠹᠧᠰᠰᠤᠷ  ᠸᠧᠶ  ᠬᠤᠩ  ᠵᠢᠶᠠᠩ ᠤᠨ  ᠪᠦᠯᠬᠦᠮ  ᠬᠠᠮᠲᠤᠷᠠᠨ‌ᠠᠵᠢᠯᠯᠠᠵᠤ᠂ ᠳᠡᠯᠡᠬᠡᠶ ᠶᠢᠨ ᠠᠩᠬᠠᠳᠠᠭᠴᠢ ᠠᠮᠢᠳᠤ ᠬᠥᠮᠦᠨ ᠳᠤ ᠤᠨᠳᠤᠤ ᠲᠥᠷᠥᠯ ᠤᠨ  ᠡᠯᠢᠭᠡ  ᠰᠢᠯᠵᠢᠭᠦᠯᠬᠦ  ᠮᠡᠰᠡ  ᠵᠠᠰᠠᠯ ᠢ‌ᠠᠮᠵᠢᠯᠲᠠ ᠲᠠᠢ ᠪᠡᠶᠡᠯᠡᠭᠦᠯᠵᠦ᠂ ᠭᠧᠨ ᠢᠶᠠᠷ ᠨᠠᠶᠢᠷᠠᠭᠤᠯᠤᠭᠰᠠᠨ  ᠭᠠᠭ᠋ᠠᠶ ᠶᠢᠨ  ᠡᠯᠢᠭᠡ ᠶᠢ  71  ᠨᠠᠰᠤᠲᠠᠶ  ᠡᠯᠢᠭᠡᠨ ᠤ  ᠥᠮᠡᠨ‌ᠤᠯᠤᠬᠰᠠᠨ ᠬᠦᠨᠳᠦ ᠡᠪᠡᠳᠴᠢᠲᠡᠨ ᠤ ᠪᠡᠶ᠎ᠡ ᠳᠡᠭᠡᠷ᠎ᠡ ᠰᠢᠯᠵᠢᠭᠦᠯᠦᠨ ᠰᠠᠭᠤᠯᠭᠠᠭᠰᠠᠨ ᠪᠠᠶᠢᠨ᠎ᠠ᠃ ᠣᠳᠣᠬᠠᠨ ᠳᠤ᠂  ᠡᠪᠡᠳᠴᠢᠲᠡᠨ‌ᠨᠢᠭᠡᠨᠲᠡ ᠭᠠᠵᠠᠷ ᠪᠠᠭᠤᠵᠤ ᠴᠢᠯᠥᠭᠡᠲᠦ ᠬᠥᠳᠡᠯᠭᠡᠭᠡᠨ ᠬᠢᠵᠦ ᠴᠢᠳᠠᠬᠤ ᠪᠤᠯᠤᠬᠰᠠᠨ ᠪᠦᠭᠡᠳ ᠡᠯᠢᠭᠡᠨ ᠤ ᠠᠵᠢᠯᠯᠠᠭ᠎ᠠ ᠵᠡᠷᠭᠡ ᠣᠯᠠᠨ‌ᠵᠦ᠋ᠢᠯ ᠤᠨ ᠬᠦᠢᠴᠡᠳᠭᠡᠯ ᠲᠤᠭ᠎ᠠ ᠶᠢᠨ ᠬᠡᠪ ᠤᠨ ᠪᠠᠶᠢᠳᠠᠯ ᠨᠢ ᠰᠡᠷᠭᠦᠭᠡᠵᠦ  ᠪᠠᠶᠢᠨ᠎ᠠ᠃  ᠲᠣᠰ  ᠤᠳᠠᠭᠠᠨ ᠤ  10  ᠭᠧᠨ ᠵᠶ᠋ᠠᠷ‌ᠨᠠᠶᠢᠷᠠᠭᠤᠯᠤᠭᠰᠠᠨ ᠭᠠᠭ᠋ᠠᠶ ᠶᠢᠨ ᠡᠯᠢᠭᠡ ᠲᠤᠬᠠᠶᠢᠯᠠᠪᠠᠯ  ᠤᠨᠳᠤᠤ  ᠲᠥᠷᠥᠯ ᠤᠨ  ᠡᠯᠢᠭᠡ  ᠶᠢ  ᠡᠪᠡᠳᠴᠢᠲᠡᠨ ᠳᠤ  ᠰᠢᠯᠵᠢᠭᠦᠯᠦᠨ‌‍ᠰᠠᠭᠤᠯᠭᠠᠬᠤ ᠳᠤ᠂ ᠡᠯᠢᠭᠡᠨ ᠤ ᠪᠠᠷᠠᠭᠤᠨ ᠬᠡᠰᠡᠭ ᠨᠢ  ᠥᠮᠡᠨ ᠳᠤ  ᠬᠦᠨᠳᠦ  ᠨᠡᠷᠪᠡᠭᠳᠡᠭᠰᠡᠨ 71  ᠨᠠᠰᠤᠲᠠᠶ  ᠡᠪᠡᠳᠴᠢᠳᠡᠨ  ᠢ‌‍ᠰᠣᠩᠭᠤᠪᠡ᠂ ᠲᠤᠰ ᠡᠪᠡᠳᠴᠢᠳᠡᠨ ᠳᠤ ᠡᠮᠨᠡᠬᠦ ᠳᠤ ᠬᠠᠳᠬᠤᠵᠤ ᠤᠷᠤᠭᠤᠯᠬᠤ  ᠵᠡᠷᠭᠡ  ᠡᠮᠴᠢᠯᠡᠭᠡ  ᠬᠢᠭᠰᠡᠨ  ᠪᠣᠯᠪᠠᠴᠤ  ᠲᠤᠰᠠ‌ᠭᠠᠷᠤᠭᠰᠠᠨ ᠥᠬᠡᠶ᠂ ᠬᠠᠭᠠᠷᠠᠵᠦ ᠮᠡᠳᠡᠬᠦ ᠪᠠᠶᠢᠳᠠᠯ  ᠳᠤᠤᠷ᠎ᠠ᠂  ᠬᠡᠷ  ᠪᠦᠯᠢ ᠶᠢᠨ ᠬᠢᠨ  ᠪᠠ  ᠡᠪᠡᠳᠴᠢᠲᠡᠨ ᠤ  ᠵᠥᠪᠰᠢᠶᠡᠷᠡᠯ ᠢ‌ᠣᠯᠤᠭᠰᠠᠨ ᠤᠷᠢᠲᠠᠯ ᠳᠤᠤᠷ᠎ᠠ᠂ ᠠᠨᠾᠦ᠋ᠢ ᠶᠢᠨ ᠡᠮᠨᠡᠯᠭᠡ ᠶᠢᠨ ᠶᠡᠭᠡ  ᠰᠤᠷᠭᠠᠭᠤᠯᠢ ᠶᠢᠨ  ᠨᠢᠭᠡᠳᠦᠭᠡᠷ  ᠬᠠᠷᠢᠶᠠᠲᠤ  ᠡᠮᠨᠡᠯᠭᠡ ᠵᠢᠨ‌ᠬᠤᠷᠢᠶ᠎ᠠ ᠨᠢ ᠲᠣᠰ ᠲᠣᠰ ᠡᠷᠳᠡᠮ ᠰᠢᠨᠵᠢᠯᠡᠭᠡᠨ ᠤ ᠺᠣᠮᠢᠰ᠂ ᠡᠮᠴᠢᠯᠡᠭᠡᠨ ᠤ ᠰᠢᠨ᠎ᠡ ᠮᠡᠷᠭᠡᠵᠢᠯ ᠤᠨ ᠶᠣᠰᠣ ᠰᠤᠷᠲᠠᠬᠤᠨ ᠤ ᠺᠣᠮᠢᠰ᠂ᠡᠷᠬᠡᠲᠡᠨ ᠰᠢᠯᠵᠢᠭᠦᠯᠦᠨ ᠰᠠᠭᠤᠯᠭᠠᠬᠤ ᠶᠣᠰᠣ ᠰᠤᠷᠲᠠᠬᠤᠨ ᠤ ᠺᠣᠮᠢᠰ ᠵᠢᠴᠢ  ᠠᠮᠢᠲᠠᠨ ᠤ  ᠶᠣᠰᠣ  ᠰᠤᠷᠲᠠᠬᠤᠨ ᠤ  ᠺᠣᠮᠢᠰ  ‍ᠤᠨ‌ᠬᠤᠷᠠᠯ ᠬᠤᠷᠠᠯᠳᠤᠭᠤᠯᠵᠤ᠂ ᠲᠣᠰ ᠵᠢᠱᠢᠶ᠎ᠡ ᠶᠢᠨ ᠡᠪᠡᠳᠴᠢᠲᠡᠨ ᠳᠤ ᠤᠨᠳᠤᠤ ᠲᠥᠷᠥᠯ ᠤᠨ  ᠲᠤᠰᠠᠯᠠᠬᠤ  ᠡᠯᠢᠭᠡ  ᠰᠢᠯᠵᠢᠭᠦᠯᠦᠨ‌‍ᠰᠠᠭᠤᠯᠭᠠᠬᠤ ᠰᠤᠳᠤᠯᠭᠠᠨ ᠥᠷᠨᠢᠭᠦᠯᠬᠦ ᠶᠢ  ᠵᠥᠪᠰᠢᠶᠡᠷᠡᠭᠰᠡᠨ  ᠪᠥᠭᠡᠳ  ᠠᠨᠾᠦ᠋ᠢ  ᠮᠤᠵᠢ ᠶᠢᠨ  ᠡᠷᠡᠭᠦᠯ  ᠬᠠᠮᠠᠭᠠᠯᠠᠯ  ᠡᠷᠡᠭᠦᠯ‌ᠮᠡᠨᠳᠦ ᠶᠢᠨ ᠵᠥᠪᠯᠡᠯ ᠳᠤ ᠮᠡᠳᠡᠭᠦᠯᠵᠦ ᠳᠠᠩᠰᠠᠯᠠᠭᠤᠯᠪᠠ᠃         ︽ᠴᠢᠬᠤᠯᠠᠴᠢᠯᠠᠭᠤᠰᠢᠲᠠᠶ ᠨᠢ᠂ ᠪᠣᠶ  ᠪᠥᠬᠦᠶ  ︿  ᠭᠠᠭ᠋ᠠᠶ ᠶᠢᠨ  ᠡᠯᠢᠭᠡ﹀ ᠶᠢ ᠴᠥᠮ ᠬᠥᠮᠦᠨ ᠤ ᠪᠡᠶ᠎ᠡ ᠳᠤ ᠰᠢᠯᠵᠢᠭᠦᠯᠦᠨ ᠰᠠᠭᠤᠯᠭᠠᠵᠤ ᠪᠣᠯᠤᠨ᠎ᠠ ᠭᠡᠰᠡᠨ ᠶᠠᠪᠤᠳᠠᠯ ᠪᠢᠰᠢ᠂ ᠡᠨᠡ ᠬᠦ ᠭᠠᠭ᠋ᠠᠶ ᠶᠢᠨ ᠡᠯᠢᠭᠡ‌‍ᠪᠤᠯ ᠭᠧᠨ ᠢᠶᠠᠷ ᠨᠠᠶᠢᠷᠠᠭᠤᠯᠤᠭᠰᠠᠨ ᠭᠠᠭ᠋ᠠᠶ ᠶᠢᠨ ᠡᠯᠢᠭᠡ ᠶᠤᠮ᠂ ᠲᠤᠰᠬᠠᠶᠢᠯᠠᠨ ᠤᠨᠳᠤᠤ ᠲᠥᠷᠥᠯ ᠤᠨ  ᠡᠯᠢᠭᠡ ᠶᠢ  ᠰᠢᠯᠵᠢᠭᠦᠯᠦᠨ‌‍ᠰᠠᠭᠤᠯᠭᠠᠬᠤ ᠡᠮᠴᠢᠯᠡᠭᠡᠨ ᠤ ᠮᠡᠰᠡ ᠵᠠᠰᠠᠯ ᠬᠢᠬᠦ ᠶᠢᠨ  ᠲᠥᠯᠥᠭᠡ  ᠰᠢᠯᠢᠳᠡᠭᠵᠢᠭᠦᠯᠦᠨ  ᠪᠤᠶᠢᠵᠢᠭᠤᠯᠤᠭᠰᠠᠨ  ᠠᠮᠢᠳᠤ  ᠪᠣᠳᠠᠰ ‍ᠤᠨ‌ᠡᠮᠴᠢᠯᠡᠭᠡᠨ ᠤ ᠡᠷᠬᠡᠲᠡᠨ ᠶᠤᠮ︾ ᠭᠡᠵᠦ ᠬᠤᠸᠠᠵᠦ᠋ᠩ ᠰᠢᠨᠵᠢᠯᠡᠬᠦ ᠤᠬᠠᠭᠠᠨ ᠮᠡᠷᠭᠡᠵᠢᠯ ᠤᠨ ᠶᠡᠭᠡ ᠰᠤᠷᠭᠠᠭᠤᠯᠢ ᠶᠢᠨ  ᠲᠦᠩ  ᠵᠢᠶ ᠡᠮᠨᠡᠯᠭᠡ ᠶᠢᠨ ᠬᠤᠷᠢᠶᠠᠨ ᠤ ᠡᠷᠬᠡᠲᠡᠨ ᠰᠢᠯᠵᠢᠭᠦᠯᠬᠦ ᠰᠤᠳᠤᠯᠭᠠᠨ ᠤ ᠤᠤᠯ ᠤᠨ ᠳᠠᠷᠤᠭ᠎ᠠ ᠴᠧᠨ ᠵᠥᠩ ᠬᠤᠸᠠ ᠬᠡᠯᠡᠪᠡ᠃ 
ᠢᠷᠡᠯᠲᠡ᠄ ᠠᠷᠠᠳ ᠤᠨ ᠰᠥᠯᠵᠢᠶ᠎ᠡ