ᠬᠡᠷᠪᠡ ᠪᠢ ᠡᠬᠡ ᠪᠤᠯᠤᠭᠰᠠᠨ ᠪᠤᠯ
ᠨᠡᠶᠢᠲᠡᠯᠡᠭᠰᠡᠨ ᠴᠠᠭ᠄
2024/5/23
                       ︵ᠭᠠᠳᠠᠨ᠎ᠠ ᠨᠢᠬᠡ︶     ᠬᠡᠷᠪᠡ ᠪᠢ ᠡᠬᠡ ᠪᠤᠯᠤᠭᠰᠠᠨ ᠪᠤᠯ     ᠬᠠᠴᠠᠷ ᠢᠶᠠᠷ ᠢᠶᠠᠨ ᠴᠤᠭᠤᠷᠬᠠᠢ ᠵᠤᠯᠠᠢ ᠶᠢ ᠨᠢ ᠪᠢᠳᠡᠬᠦᠯᠡᠵᠤ     ᠬᠦᠬᠦ ᠪᠠᠷ ᠢᠶᠠᠨ ᠨᠢᠯᠬ᠎ᠠ ᠠᠮᠢᠰᠬᠤᠯ ᠢ ᠨᠢ ᠤᠭᠵᠢᠨ     ᠬᠠᠪᠤᠷ ᠬᠡᠤᠬᠡᠨ ᠲᠠᠢ ᠪᠠᠨ ᠬᠦᠳᠡᠭᠡ ᠳᠤ ᠡᠷᠬᠡᠯᠡᠨ᠎ᠡ     ᠬᠡᠷᠪᠡ ᠪᠢ ᠡᠬᠡ ᠪᠤᠯᠤᠭᠰᠠᠨ ᠪᠤᠯ     ᠡ᠊ᠩᠬᠡᠷ ᠲᠤᠨᠢ ᠳᠤᠷᠭᠠᠨ ᠡᠮᠵᠢᠶᠡᠷᠢ ᠬᠠᠳᠠᠵᠤ     ᠤᠷᠤᠢ ᠳᠤᠨᠢ ᠵᠢᠩᠰᠡᠨ ᠮᠠᠯᠠᠭᠠᠢ ᠵᠡᠬᠦᠯᠬᠡᠨ     ᠦᠭᠬᠢᠶᠡᠮᠤᠷ ᠵᠤᠨ ᠢᠶᠠᠨ ᠦᠪᠡᠷᠮᠢᠴᠠ ᠪᠠᠷ ᠴᠢᠮᠡᠨ᠎ᠡ     ᠬᠡᠷᠪᠡ ᠪᠢ ᠡᠬᠡ ᠪᠤᠯᠤᠭᠰᠠᠨ ᠪᠤᠯ     ᠰᠠᠩᠮᠠᠢ ᠪᠠᠷ ᠢᠶᠠᠨ ᠬᠡᠨᠵᠡ ᠨᠤᠭᠤᠭ᠎ᠠ ᠶᠢ ᠰᠠᠮᠨᠠᠵᠤ     ᠬᠡᠵᠢᠬᠡ ᠪᠠᠷ ᠢᠶᠠᠨ ᠤᠨᠠᠭᠰᠠᠨ ᠨᠠᠪᠴᠢᠰ ᠢ ᠱᠦᠬᠦᠷᠳᠡᠨ     ᠰᠠᠷᠠᠨ ᠳᠡᠷᠬᠡᠯ ᠨᠠᠮᠤᠷ ᠢᠶᠠᠨ ᠰᠠᠭᠠᠳᠠᠭᠤᠯᠤᠨ᠎ᠠ     ᠬᠡᠷᠪᠡ ᠪᠢ ᠡᠬᠡ ᠪᠤᠯᠤᠭᠰᠠᠨ ᠪᠤᠯ     ᠳᠡᠪᠡᠯ ᠢᠶᠠᠷ ᠢᠶᠠᠨ ᠪᠡᠶ᠎ᠡ ᠶᠢ ᠨᠢ ᠬᠤᠴᠢᠵᠤ     ᠭᠤᠳᠤᠯ ᠢᠶᠠᠷ ᠢᠶᠠᠨ ᠬᠦᠯ ᠢ ᠨᠢ ᠳᠤᠯᠠᠭᠠᠯᠠᠨ     ᠮᠦᠩᠬᠦᠨ ᠡᠪᠤᠯ ᠢᠶᠠᠨ ᠮᠡᠨᠳᠤ ᠤᠨᠳᠤᠷᠤᠭᠠᠨ᠎ᠠ     ᠬᠡᠷᠪᠡ ᠪᠢ ᠡᠬᠡ ᠪᠤᠯᠤᠭᠰᠠᠨ ᠪᠤᠯ     ᠠᠷᠤᠨ ᠳᠠᠭᠠᠨ ᠬᠠᠨ ᠠᠭᠤᠯᠠ ᠶᠢ ᠡᠬᠦᠷᠴᠤ     ᠡᠪᠤᠷ ᠲᠡᠭᠡᠨ ᠬᠠᠳᠤᠨ ᠭᠤᠤᠯ ᠢ ᠳᠡᠪᠡᠷᠢᠨ     ᠠᠮᠢᠳᠠᠨ ᠭᠤᠤᠯᠳᠠᠨ ᠢ ᠨᠢᠬᠡ ᠴᠤ ᠭᠤᠮᠤᠳᠠᠭᠠᠬᠤ ᠦᠬᠡᠢ     ᠬᠡᠷᠪᠡ ᠪᠢ ᠡᠬᠡ ᠪᠤᠯᠤᠭᠰᠠᠨ ᠪᠤᠯ     ᠤᠩᠭᠤᠨ ᠪᠠᠶᠢᠭᠠᠯᠢ ᠶᠢᠨ ᠦᠷᠡᠰ ᠪᠦᠬᠦᠨ ᠳᠤ     ᠡᠯᠢᠬᠡ ᠬᠠᠯᠠᠭᠤᠨ ᠬᠤᠩᠭᠤᠷ ᠰᠡᠳᠬᠢᠯ ᠢᠶᠠᠷ ᠢᠶᠠᠨ     ᠡᠬᠡ ᠶᠢᠨ ᠬᠠᠶᠢᠷ᠎ᠠ ᠶᠢᠨ ᠠᠭᠤᠤ ᠶᠢ ᠳᠠᠨᠢᠭᠤᠯᠤᠨ᠎ᠠ      
ᠢᠷᠡᠯᠲᠡ᠄ ᠣᠷᠳᠣᠰ ᠮᠣᠩᠭᠤᠯ ᠰᠦᠯᠵᠢᠶ᠎ᠡ