ᠰᠢᠯᠦᠭ
ᠨᠡᠶᠢᠲᠡᠯᠡᠭᠰᠡᠨ ᠴᠠᠭ᠄
2024/4/30
     ᠰᠢᠯᠦᠭ ᠪᠤᠯ —     ᠴᠢᠮ᠎ᠠ ᠨᠠᠮ᠎ᠠ ᠶᠢ ᠬᠦᠭᠰᠡᠬᠦᠯᠬᠦ ᠤᠶᠠᠩᠭ᠎ᠠ ᠶᠢᠨ ᠬᠤᠷᠸ᠎ᠠ     ᠴᠡᠭᠡ ᠰᠡᠳᠬᠢᠯ ᠢᠶᠠᠷ ᠢᠳᠡᠭᠡᠰᠢᠬᠦ ᠡᠵᠢ ᠶᠢᠨ ᠴᠠᠢ     ᠴᠡᠭᠡᠵᠢᠨ ᠲᠠᠮᠢᠷ ᠢ ᠴᠢᠬᠢᠷᠠᠭᠵᠢᠭᠤᠯᠬᠤ ᠮᠡᠳᠡᠯᠭᠡ ᠶᠢᠨ ᠰᠠᠩ     ᠴᠠᠳᠢᠭ ᠲᠡᠦᠬᠡᠨ ᠳᠤ ᠲᠡᠮᠳᠡᠭᠯᠡᠭᠳᠡᠬᠦ ᠡᠷᠳᠡᠨᠢ ᠶᠢᠨ ᠬᠠᠭᠤᠳᠠᠰᠤ     ᠰᠢᠯᠦᠭ ᠪᠤᠯ —     ᠰᠡᠳᠬᠢᠯ ᠰᠠᠨᠠᠭ᠎ᠠ ᠶᠢ ᠪᠠᠶᠠᠰᠬᠠᠬᠤ ᠰᠤᠨᠤᠷ ᠤᠨ ᠬᠠᠩᠭᠠᠢ     ᠰᠠᠶᠢᠨ ᠦᠢᠯᠡᠰ ᠢ ᠬᠦᠭᠵᠢᠬᠦᠯᠬᠦ ᠰᠤᠯᠤᠩᠭᠠᠨ ᠬᠦᠬᠦᠷᠭᠡ     ᠰᠦᠭ ᠰᠦᠯᠳᠡ ᠶᠢ ᠰᠡᠷᠭᠦᠬᠡᠬᠦ ᠪᠠᠳᠠᠷᠠᠯ ᠤᠨ ᠡᠯᠴᠢᠨ     ᠰᠦᠨᠢ ᠲᠤᠵᠢ ᠭᠡᠭᠡᠷᠡᠬᠦ ᠲᠡᠷᠭᠡᠯ ᠰᠠᠷᠠᠨ     ᠰᠢᠯᠦᠭ ᠪᠤᠯ —     ᠤᠬᠠᠭᠠᠨ ᠰᠠᠨᠠᠭ᠎ᠠ ᠶᠢ ᠲᠡᠷᠭᠡᠯᠰᠢᠬᠦᠯᠬᠦ ᠤᠶᠤᠨ ᠤ ᠲᠡᠵᠢᠭᠡᠯ     ᠤᠷᠳᠤ ᠶᠢᠨ ᠲᠠᠭᠤᠤ ᠲᠠᠢ ᠤᠶᠠᠩᠭᠠᠷᠠᠬᠤ ᠴᠤᠭᠤᠷ ᠤᠨ ᠡᠭᠡᠰᠢᠭ     ᠤᠨᠠᠭᠰᠠᠨ ᠬᠠᠵᠠᠶᠢᠭᠰᠠᠨ ᠢ ᠲᠡᠳᠬᠦᠬᠦ ᠬᠠᠶᠢᠷ᠎ᠠ ᠶᠢᠨ ᠢᠪᠢᠯᠭᠡ     ᠤᠳᠤᠮ ᠤᠭᠰᠠᠭ᠎ᠠ ᠶᠢ ᠵᠠᠯᠭᠠᠮᠵᠢᠯᠠᠬᠤ ᠠᠯᠳᠠᠨ ᠤᠷᠤᠭ     ᠰᠢᠯᠦᠭ ᠪᠤᠯ —     ᠬᠠᠷᠠᠭᠠᠨ ᠰᠤᠨᠤᠷ ᠢ ᠭᠡᠶᠢᠬᠦᠯᠬᠦ ᠭᠡᠷᠡᠯᠳᠦ ᠴᠠᠮᠬᠠᠭ     ᠬᠠᠨᠠᠭᠠᠷ ᠲᠠᠯ᠎ᠠ ᠪᠠᠷ ᠲᠤᠪᠳᠤᠯᠭᠠᠬᠤ ᠬᠤᠷᠳᠤᠨ ᠬᠦᠯᠦᠭ     ᠬᠠᠶᠢᠷ᠎ᠠ ᠶᠢᠨ ᠬᠠᠶᠢᠷ᠎ᠠ ᠪᠠᠷ ᠢᠨᠠᠭᠯᠠᠬᠤ ᠵᠠᠯᠠᠭᠤᠬᠠᠨ ᠨᠠᠰᠤ     ᠬᠠᠨᠢ ᠨᠦᠭᠦᠷᠯᠡᠯ ᠢ ᠵᠤᠵᠠᠭᠠᠳᠬᠠᠬᠤ ᠦᠨᠢᠳᠡ ᠶᠢᠨ ᠬᠤᠯᠪᠤᠭᠠᠰᠤ     ᠰᠢᠯᠦᠭ ᠪᠤᠯ —     ᠦᠷᠭᠡᠨ ᠬᠠᠩᠭᠠᠢ ᠳᠤ ᠰᠦᠭᠯᠡᠶᠢᠬᠦ ᠡᠪᠦᠭᠡᠨ ᠬᠠᠶᠢᠯᠠᠰᠤ     ᠦᠷᠦᠴᠡ ᠴᠡᠭᠡᠵᠢᠨ ᠳᠤ ᠬᠠᠳᠠᠩᠰᠢᠬᠤ ᠰᠤᠶᠤᠯ ᠤᠨ ᠰᠢᠮ᠎ᠡ     ᠢᠳᠡᠭᠡᠯ ᠪᠢᠰᠢᠷᠡᠯ ᠢ ᠴᠢᠩᠭᠠᠷᠠᠭᠤᠯᠬᠤ ᠠᠯᠤᠰ ᠤᠨ ᠵᠤᠷᠢᠯᠳᠠ     ᠢᠰᠡᠭᠡᠢ ᠭᠡᠷ ᠢ ᠲᠤᠯᠠᠭᠠᠴᠠᠭᠤᠯᠬᠤ ᠲᠤᠯᠭ᠎ᠠ ᠶᠢᠨ ᠴᠤᠭ     ᠰᠢᠯᠦᠭ ᠪᠤᠯ —     ᠦᠷᠯᠦᠭ ᠮᠤᠩᠭᠤᠯ ᠢ ᠮᠠᠠᠳᠤᠭᠤᠯᠬᠤ ᠮᠦᠩᠭᠦᠨ ᠲᠦᠷᠦᠭᠡ     ᠦᠯᠢᠬᠡᠷ ᠲᠡᠦᠬᠡ ᠶᠢ ᠲᠤᠪᠴᠢᠶᠠᠯᠠᠬᠤ ᠠᠯᠳᠠᠨ ᠬᠦᠮᠦᠷᠭᠡ     ᠦᠭᠡ ᠶᠠᠷᠢᠶ᠎ᠠ ᠪᠠᠷ ᠰᠤᠯᠤᠩᠭᠠᠷᠠᠬᠤ ᠮᠤᠩᠭᠤᠯ ᠤᠨ ᠤᠷᠠᠯᠢᠭ     ᠦᠡᠳᠦᠷ ᠤᠭᠳᠠᠷᠭᠤᠢ ᠪᠠᠷ ᠲᠡᠭᠦᠯᠢᠬᠦ ᠤᠮᠤᠭᠳᠤ ᠪᠦᠷᠭᠦᠳ     ᠰᠢᠯᠦᠭ ᠪᠤᠯ —     ᠲᠠᠪᠠᠭ ᠫᠢᠯᠠᠨ ᠳᠤ ᠦᠷᠦᠭᠳᠡᠬᠦ ᠬᠦᠷᠳᠡᠭᠡᠯ ᠤᠨ ᠲᠡᠭᠡᠵᠢ     ᠲᠠᠨᠠᠨ ᠭᠡᠷ ᠠᠴᠠ ᠰᠤᠪᠤᠷᠠᠬᠤ ᠠᠷᠭᠠᠯ ᠤᠨ ᠤᠳᠤᠭ᠎ᠠ     ᠲᠠᠶᠢᠪᠤᠩ ᠠᠮᠢᠳᠤᠷᠠᠯ ᠢ ᠡᠳ᠋ᠯᠡᠬᠦᠯᠬᠦ ᠭᠡᠭᠡᠨᠴᠢᠷ ᠭᠤᠯᠤᠮᠳᠠ     ᠲᠠᠪᠤᠨ ᠬᠤᠰᠢᠭᠤᠳᠤ ᠶᠢ ᠪᠡᠯᠴᠢᠬᠡᠷᠯᠡᠬᠦᠯᠬᠦ ᠦᠵᠡᠰᠭᠦᠯᠡᠩᠳᠤ ᠲᠠᠯ᠎ᠠ     ᠰᠢᠯᠦᠭ ᠪᠤᠯ —     ᠪᠤᠰᠤᠭ᠎ᠠ ᠦᠰᠦᠭ ᠢᠶᠠᠷ ᠬᠡᠶᠢᠮᠦᠷᠢᠯᠡᠬᠤ ᠲᠡᠭᠷᠢ ᠶᠢᠨ ᠪᠢᠴᠢᠭ     ᠪᠤᠳᠤᠯ ᠤᠬᠠᠭᠠᠨ ᠢ ᠰᠠᠷᠠᠭᠤᠯᠵᠢᠭᠤᠯᠬᠤ ᠭᠡᠭᠡᠷᠡᠯ ᠤᠨ ᠴᠤᠩᠬᠤ     ᠪᠢᠯᠢᠭ ᠤᠶᠤᠨ ᠢ ᠨᠡᠭᠡᠭᠡᠭᠳᠡᠬᠦᠯᠭᠦ ᠠᠯᠳᠠᠨ ᠲᠦᠯᠬᠢᠬᠦᠷ     ᠪᠠᠬᠢ ᠬᠤᠳᠤᠭ ᠢ ᠨᠡᠮᠡᠭᠳᠡᠭᠦᠯᠭᠦ ᠪᠤᠶᠠᠨ ᠤ ᠬᠤᠷ᠎ᠠ     ᠰᠢᠯᠦᠭ ᠪᠤᠯ —     ᠬᠦᠨ ᠤᠬᠠᠭᠠᠨ ᠳᠤ ᠰᠡᠶᠢᠯᠦᠭᠳᠡᠬᠦ ᠬᠤᠯᠠ ᠶᠢᠨ ᠪᠤᠳᠤᠯᠭ᠎ᠠ     ᠬᠦᠷᠦ ᠦᠡᠳᠦᠰᠦᠳᠡᠨ ᠢᠶᠠᠨ ᠤᠶᠠᠩᠭᠠᠯᠠᠬᠤ ᠷᠢᠳᠢ ᠰᠢᠳᠢ     ᠬᠦᠷᠡᠩ ᠵᠢᠷᠦᠬᠡ ᠶᠢ ᠠᠮᠢᠯᠠᠭᠤᠯᠬᠤ ᠴᠢᠰᠤᠨ ᠯᠤᠭᠰᠢᠯᠭ᠎ᠠ     ᠬᠦᠷᠦᠰᠦᠨ ᠰᠢᠮ᠎ᠡ ᠪᠠᠷ ᠰᠤᠷᠭᠤᠭᠵᠢᠬᠤ ᠦᠩᠭᠡᠳᠦ ᠰᠠᠷᠭᠠᠢ     ᠰᠢᠯᠦᠭ ᠪᠤᠯ —     ᠭᠠᠤᠯᠢᠨ ᠲᠤᠭᠤᠭᠠᠨ ᠠᠴᠠ ᠰᠠᠪᠰᠠᠯᠠᠬᠤ ᠰᠢᠭᠦᠰᠦ ᠶᠢᠨ ᠦᠨᠦᠷ     ᠭᠠᠯᠪᠠ ᠲᠡᠯᠡᠬᠡᠢ ᠶᠢ ᠡᠷᠭᠡᠰᠢᠶᠡᠬᠦ ᠮᠤᠩᠭᠤᠯ ᠤᠨ ᠰᠦᠯᠳᠡ     ᠭᠠᠷᠠᠭ ᠤᠳᠤᠳ ᠢ ᠡᠵᠡᠮᠳᠡᠬᠦ ᠨᠢᠭᠤᠴᠠ ᠶᠢᠨ ᠨᠢᠭᠤᠴᠠ     ᠭᠠᠭᠴᠠᠬᠠᠨ ᠰᠡᠳᠬᠢᠯ ᠢ ᠠᠷᠭᠠᠮᠵᠢᠬᠤ ᠨᠤᠳᠤᠭ ᠤᠨ ᠨᠤᠳᠤᠭ     ᠰᠢᠯᠦᠭ ᠪᠤᠯ —     ᠦᠨᠦ ᠮᠠᠷᠭᠠᠰᠢ ᠶᠢ ᠤᠭᠳᠤᠬᠤ ᠪᠠᠶᠠᠷ ᠤᠨ ᠮᠦᠰᠢᠶᠡᠳᠦ     ᠦᠭᠡᠳᠡᠷᠭᠡᠭ ᠨᠠᠷᠠᠨ ᠰᠢᠭ᠋ ᠲᠤᠶᠠᠭᠠᠷᠠᠬᠤ ᠰᠠᠴᠤᠷᠠᠭ ᠤᠨ ᠢᠯᠴᠢ     ᠢᠷᠡᠭᠡᠳᠦᠢ ᠶᠢᠨ ᠰᠠᠶᠢᠬᠠᠨ ᠢ ᠵᠦᠩᠨᠡᠬᠦ ᠤᠤᠭᠠᠯ ᠲᠡᠮᠡᠤᠯᠣᠯ     ᠢᠯᠠᠭᠤᠭᠰᠠᠨ ᠮᠤᠩᠭᠤᠯ ᠢᠶᠠᠨ ᠲᠡᠭᠡᠳᠦᠯᠡᠬᠦ ᠦᠨᠡᠨ ᠤ ᠬᠠᠶᠢᠷ᠎ᠠ     ᠰᠢᠯᠦᠭ ᠪᠤᠯ —     ᠵᠡᠭᠦᠳᠦᠨ ᠬᠤᠷᠸ᠎ᠠ ᠳᠤ ᠬᠤᠨᠤᠭᠰᠢᠬᠤ ᠮᠠᠨ ᠤ ᠬᠡᠯᠡ     ᠵᠠᠭᠤᠨ ᠵᠠᠭᠤᠨ ᠢᠶᠠᠷ ᠮᠦᠩᠬᠡᠵᠢᠬᠦ ᠦᠪᠡᠷ ᠰᠤᠶᠤᠯ     ᠵᠠᠪᠠᠯ ᠪᠠᠶᠠᠯᠠᠵᠤ ᠬᠦᠰᠡᠯ ᠲᠡᠷᠭᠡᠯᠰᠢᠬᠦ ᠪᠠᠭᠠᠳᠤᠷ ᠲᠤᠤᠯᠢᠰ     ᠵᠠᠩ ᠢᠶᠠᠷ ᠢᠶᠠᠨ ᠤᠷᠤᠰᠢᠬᠤ ᠮᠤᠩᠭᠤᠯ ᠲᠦᠮᠡᠨ ᠤ ᠠᠮᠢᠨ ᠬᠦᠨᠡᠰᠦ ᠡ︕ 
ᠢᠷᠡᠯᠲᠡ᠄ ᠣᠷᠳᠣᠰ ᠮᠣᠩᠭᠤᠯ ᠰᠦᠯᠵᠢᠶ᠎ᠡ