ᠠᠩᠬᠠᠷ︕ ᠬᠤᠭᠤᠯᠠ ᠢᠳᠡᠬᠦ ᠦᠶᠡᠰ ᠪᠢᠲᠡᠭᠡᠶ ᠢᠩᠭᠢᠵᠦ ᠬᠢ᠂ ᠡᠷᠡᠭᠦᠯ ᠮᠡᠨᠳᠦ ᠶᠢ ᠨᠥᠯᠥᠭᠡᠯᠡᠨ᠎ᠡ
ᠨᠡᠶᠢᠲᠡᠯᠡᠭᠰᠡᠨ ᠴᠠᠭ᠄
2024/4/16
        ᠲᠡᠳᠡᠭᠡᠷ ᠬᠤᠭᠤᠯᠠ ᠪᠠᠨ ᠲᠦᠷᠭᠡᠨ  ᠢᠳᠡᠵᠦ  ᠳᠠᠳᠤᠭᠰᠠᠨ  ᠬᠥᠮᠦᠰ ᠲᠤ  ᠠᠪᠴᠤ  ᠬᠡᠯᠡᠪᠡᠯ᠂  ᠶᠡᠭᠡ  ᠲᠠᠷᠢᠬᠢ ᠨᠢ‌‍ᠴᠠᠳᠤᠬᠰᠠᠨ ᠳᠣᠬᠢᠶ᠎ᠠ ᠣᠯᠬᠤ ᠠᠴᠠ ᠡᠮᠦᠨ᠎ᠡ᠂ ᠲᠡᠳᠡ ᠨᠢᠭᠡᠨᠲᠡ ᠤᠬᠠᠮᠰᠠᠷ ᠦᠭᠡᠢ ᠪᠠᠷ ᠬᠡᠲᠦᠷᠬᠡᠶ ᠣᠯᠠᠨ  ᠢᠳᠡᠭᠡᠨ  ᠢᠳᠡᠭᠰᠡᠨ‌‍ᠪᠠᠶᠢᠳᠠᠭ᠃ ᠢᠡᠭᠭᠢᠵᠦ ᠰᠠᠨᠠᠮᠰᠠᠷ ᠦᠭᠡᠢ ᠪᠠᠷ ᠬᠡᠲᠦᠷᠡᠲᠡᠯ᠎ᠡ ᠢᠳᠡᠬᠦ ᠨᠢ  ᠴᠠᠭ ᠤᠨ  ᠤᠳᠠᠭᠠᠨ  ᠳᠠᠭᠠᠨ  ᠪᠡᠶ᠎ᠡ ᠶᠢᠨ  ᠬᠦᠨᠳᠦ ᠵᠢ‌ᠠᠭᠠᠵᠢᠮ ᠢᠶᠠᠷ ᠳᠡᠭᠡᠭᠰᠢᠯᠡᠭᠦᠯᠬᠦ ᠶᠢᠨ ᠤᠯᠠᠮ ᠢᠶᠠᠷ ᠮᠠᠷᠢᠶᠠᠯᠠᠬᠤ᠂ ᠴᠢᠰᠤᠨ ᠤ ᠥᠭᠡᠬᠦ ᠥᠨᠳᠥᠷᠵᠢᠬᠦ ᠭᠡᠮ ᠪᠠ  ᠰᠣᠯᠢᠯᠴᠠᠭ᠎ᠠ ᠵᠢᠨ‌ᠬᠤᠷᠠᠮᠠᠯ ᠭᠡᠮ ᠵᠡᠷᠭᠡ ᠡᠷᠡᠭᠦᠯ ᠮᠡᠨᠳᠦ ᠶᠢᠨ ᠲᠦᠭᠰᠢᠭᠦᠷᠢ ᠶᠢ ᠨᠡᠮᠡᠭᠳᠡᠭᠦᠯᠬᠦ ᠪᠣᠯᠤᠯᠴᠠᠭ᠎ᠠ ᠲᠠᠢ  ᠶᠤᠮ᠃          ᠡᠭᠦᠨ ᠠᠴᠠ  ᠭᠠᠳᠠᠨ᠎ᠠ᠂ᠲᠦᠷᠭᠡᠨ ᠵᠠᠯᠭᠢᠬᠤ ᠨᠢ ᠰᠢᠩᠭᠡᠭᠡᠯᠲᠡ ᠶᠢ ᠮᠠᠭᠤᠳᠠᠭᠤᠯᠵᠤ  ᠮᠡᠳᠡᠨ᠎ᠡ᠂  ᠤᠴᠢᠷ ᠨᠢ  ᠭᠦᠢᠴᠡᠳ  ᠰᠠᠶᠢᠨ  ᠵᠠᠵᠢᠯᠤᠭᠰᠠᠨ  ᠦᠭᠡᠢ‌ᠢᠳᠡᠭᠡᠨ ᠨᠢ ᠬᠤᠳᠣᠭᠤᠳᠣᠨ ᠤ ᠳᠠᠷᠤᠭᠠᠰᠤ ᠶᠢ ᠬᠦᠨᠳᠦᠷᠡᠭᠦᠯᠳᠡᠭ  ᠪᠤᠯᠬᠤᠷ  ᠤᠷᠲᠤ  ᠬᠤᠭᠤᠴᠠᠭ᠎ᠠ ᠪᠠᠷ  ᠢᠡᠭᠭᠢᠭᠡᠳ  ᠪᠠᠶᠢᠪᠠᠯ‌ᠬᠤᠳᠣᠭᠤᠳᠣᠨ ᠦᠷᠪᠢᠰᠦᠯ ᠵᠡᠷᠭᠡ ᠬᠤᠳᠣᠭᠤᠳᠣ ᠭᠡᠳᠡᠰᠦᠨ ᠤ ᠠᠰᠠᠭᠤᠳᠠᠯ ᠢ ᠡᠭᠦᠰᠭᠡᠵᠦ ᠮᠡᠳᠡᠨ᠎ᠡ᠃ ᠣᠳᠣᠬᠠᠨ ᠳᠤ ᠬᠤᠭᠤᠯᠠ‌ᠢᠳᠡᠬᠦ ᠬᠤᠷᠳᠤᠴᠠ ᠶᠢᠨ ᠲᠤᠬᠠᠢ ᠰᠤᠳᠤᠯᠤᠬᠰᠠᠨ ᠵᠥᠪ ᠣᠨᠣᠪᠴᠢᠲᠠᠶ ᠲᠠᠨᠢᠯᠴᠠᠭᠤᠯᠭ᠎ᠠ ᠭᠡᠵᠦ ᠪᠠᠶᠢᠬᠤ ᠦᠭᠡᠶ᠂ ᠨᠡᠶᠢᠳᠡᠮ ᠳ᠋ᠡᠭᠡᠨ‌ᠨᠢᠭᠡ ᠡᠷᠡᠨ ᠤ ᠬᠤᠭᠤᠯᠠ ᠶᠢ ᠢᠳᠡᠬᠦ ᠲᠤᠬᠢᠷᠠᠮᠵᠢᠳᠠᠢ ᠬᠤᠷᠳᠤᠴᠠ ᠨᠢ ᠪᠠᠷᠤᠭ 20 ᠠᠴᠠ 30  ᠮᠢᠨᠦ᠋ᠲ  ᠪᠠᠶᠢᠪᠠᠯ  ᠵᠣᠬᠢᠨ᠎ᠠ‌‍ᠭᠡᠵᠦ ᠦᠵᠡᠵᠦ ᠪᠤᠢ᠂ ᠤᠴᠢᠷ ᠨᠢ ᠶᠡᠭᠡ ᠲᠠᠷᠢᠬᠢ  ᠴᠠᠳᠤᠬᠰᠠᠨ  ᠳᠣᠬᠢᠶ᠎ᠠ ᠶᠢ  ᠬᠦᠯᠢᠶᠡᠨ  ᠠᠪᠬᠤ ᠳᠤ  ᠪᠠᠷᠤᠭ  ᠡᠳᠦᠶ  ᠴᠠᠭ ᠬᠡᠷᠡᠭᠰᠡᠳᠡᠭ᠃ ᠬᠠᠮᠤᠭ ᠰᠡᠭᠦᠯ ᠳᠤ᠂ ᠬᠤᠭᠤᠯᠠ ᠢᠳᠡᠬᠦ ᠦᠶᠡᠰ  ᠰᠡᠳᠬᠢᠯ  ᠬᠤᠪᠢᠶᠠᠭᠳᠠᠬᠤ ᠠᠴᠠ  ᠵᠠᠶᠢᠯᠠᠬᠤ ᠨᠢ  ᠴᠤ  ᠮᠠᠰᠢ‌‍ᠴᠢᠬᠤᠯᠠ ᠶᠤᠮ᠃ ᠴᠢᠳᠠᠬᠤ ᠶᠢᠨ ᠲᠤᠳᠤᠷ᠎ᠠ ᠪᠢᠲᠡᠭᠡᠶ ᠬᠤᠭᠤᠯᠠ ᠢᠳᠡᠵᠦ ᠪᠠᠶᠢᠭᠠᠳ ᠲᠧᠯᠸᠢᠰ ᠦᠵᠡᠬᠦ  ᠪᠤᠶᠤ  ᠭᠠᠷ  ᠤᠲᠠᠰᠤ‌‍ᠪᠡᠷ ᠢᠶᠠᠨ ᠨᠠᠭᠠᠳ᠂ ᠤᠴᠢᠷ ᠨᠢ ᠢᠡᠭᠭᠢᠪᠡᠯ ᠲᠠᠨ ᠤ ᠬᠤᠭᠤᠯᠠ ᠢᠳᠡᠬᠦ  ᠬᠤᠷᠳᠤᠴᠠ ᠶᠢ  ᠴᠢᠨᠢ  ᠥᠪᠡᠷ ᠤᠨ  ᠡᠷᠬᠡ  ᠦᠭᠡᠢ ᠲᠦᠷᠭᠡᠳᠬᠡᠳᠡᠭ᠃
ᠢᠷᠡᠯᠲᠡ᠄ ᠠᠷᠠᠳ ᠤᠨ ᠰᠥᠯᠵᠢᠶ᠎ᠡ