ᠦᠦᠰᠢᠨ ᠬᠤᠰᠢᠭᠤᠨ ᠤ ᠭᠠᠯᠠᠭᠤᠲᠤ ᠪᠠᠯᠭᠠᠰᠤᠨ ᠤ ᠬᠥᠬᠡ ᠲᠣᠯᠣᠭᠠᠢ ᠭᠠᠴᠠᠭᠠᠨ ᠤ ︽ᠣᠮᠣᠭᠲᠤ ᠶᠢᠨ ᠣᠪᠣᠭ᠎ᠠ︾ ᠨᠡᠷ᠎ᠡ ᠶᠢᠨ ᠲᠤᠬᠠᠢ ᠪᠠᠶᠠᠨᠵᠢᠷᠭᠠᠯ ᠤᠨ ᠲᠠᠢᠯᠪᠤᠷᠢ
ᠨᠡᠶᠢᠲᠡᠯᠡᠭᠰᠡᠨ ᠴᠠᠭ᠄
2024/4/11
ᠣᠮᠣᠭᠲᠤ ᠶᠢᠨ ᠤᠪᠣᠭ᠎ᠠ︕ ᠤᠷᠳᠤᠰᠬᠤᠲᠠ ᠶᠢᠨ ᠦᠶᠦᠰᠢᠨ ᠬᠤᠰᠢᠭᠤᠨ ᠤ ᠭᠠᠯᠠᠭᠤᠳᠤᠪᠠᠯᠭᠠᠰᠤᠨ ᠤ ᠬᠥᠬᠡ ᠲᠣᠯᠣᠭᠠᠢ ᠭᠠᠴᠠᠭᠠᠨ ᠳᠤ ᠪᠠᠶᠢᠭ᠎ᠠᠳᠠᠬᠢᠯᠭᠠᠲᠤ ᠤᠪᠤᠭᠠᠨ ᠤ ᠨᠡᠷ᠎ᠡ᠃ ᠤᠷᠳᠤᠰᠲᠣᠭᠠᠯᠡᠯ ᠤᠨ ᠨᠠᠢᠮᠠᠨ ᠰᠠᠷ᠎ᠡ ︵ᠪᠢᠯᠢᠭ ᠤᠨᠲᠣᠭᠠᠯᠠᠯ ᠤᠨ ᠲᠠᠪᠤᠨ ᠰᠠᠷ᠎ᠠ︶ ᠶᠢᠨ ᠬᠤᠷᠢᠨᠭᠤᠷᠪᠠᠨ ᠳᠤ ᠲᠠᠭᠢᠯᠭ᠎ᠠ ᠬᠢᠳᠡᠭ᠃ᠣᠲᠤᠭ ᠬᠤᠰᠢᠭᠤᠯ ᠤ ᠪᠠᠶᠢᠯᠠ ᠨᠣᠶᠠᠨ ᠤᠣᠮᠣᠭᠲᠤ ᠭᠡᠰᠡᠨ ᠨᠡᠷ᠎ᠡ ᠲᠠᠢ ᠠᠪᠬᠠᠢ ᠣᠪᠤᠭ᠎ᠠ ᠲᠠᠢᠣᠷᠣᠢ ᠶᠢᠨ ᠬᠠᠮᠠᠷ ᠳᠡᠭᠡᠷ᠎ᠡ ᠬᠡᠷᠯᠡᠨ ᠰᠠᠭᠤᠵᠤᠪᠠᠶᠢᠭᠰᠠᠨ ᠣᠴᠢᠷ ᠠᠴᠠ ᠲᠡᠭᠦᠨ ᠤ ᠨᠡᠷ᠎ᠡ ᠪᠠᠷᠨᠡᠷᠡᠯᠡᠭᠰᠡᠨ ᠭᠡᠵᠦ ᠨᠤᠲᠤᠭ ᠤᠨ ᠬᠢᠳ ᠨᠢᠲᠣᠮᠣᠭᠯᠠᠵᠠᠭᠠᠳᠠᠭ᠃︽ᠣᠮᠣᠭᠲᠤ ᠶᠢᠨ ᠣᠪᠣᠭ᠎ᠠ︾ ᠪᠣᠯ︽ᠭᠠᠭ᠋ᠠᠢ ᠶᠢᠨ ᠱᠣᠷᠣᠩ︾ ᠤᠨ   ᠵᠡᠭᠦᠨ ᠣᠷᠲᠠᠢ ᠬᠢᠪᠤᠨᠲᠣᠭᠠᠷ ᠰᠢᠯᠢ ᠠᠴᠠ ᠵᠡᠭᠦᠨ ᠡᠮᠦᠨᠠᠰᠢ ᠬᠤᠰᠢᠭᠤᠷᠠᠵᠤᠭᠠᠷᠤᠭᠠᠳ ︽ᠣᠪᠣᠭᠠᠨ ᠠᠴᠠ︾ ᠪᠠᠷᠲᠠᠰᠤᠯᠤᠭᠲᠠᠭᠰᠠᠨ ᠲᠣᠪᠤᠴᠠᠭ ᠤᠨ ᠵᠤᠯᠠᠢ ᠳᠡᠭᠡᠷ᠎ᠡᠪᠣᠰᠬᠠᠳᠠᠭᠰᠠᠨ ᠪᠠᠶᠢᠳᠠᠭ᠎ᠠ ᠡᠨᠡ ᠬᠦ ᠬᠤᠰᠢᠭᠤᠷᠠᠵᠤᠭᠠᠷᠤᠭᠰᠠᠨ ᠳᠣᠪᠤᠴᠠᠭ ᠢ ᠳᠡᠭᠡᠷ᠎ᠡ ᠦᠶ᠎ᠡ ᠶᠢᠨᠮᠣᠩᠭᠤᠯᠴᠤᠳ ︽ᠣᠮᠤᠭ︾ ᠭᠡᠵᠦ ᠨᠡᠷᠡᠯᠡᠵᠦ᠂ᠲᠡᠭᠦᠨ ᠤ ᠳᠡᠭᠡᠷ᠎ᠡ ᠣᠪᠤᠭ᠎ᠠ ᠪᠣᠰᠬᠠᠭᠠᠳ᠂ᠣᠷᠣᠢ ᠶᠢᠨ ᠣᠮᠤᠭ ᠳᠡᠭᠡᠷ᠎ᠡ ᠪᠤᠢ ᠣᠪᠣᠭ᠎ᠠ ᠪᠠᠨ︽ᠣᠮᠣᠭᠲᠤ ᠶᠢᠨ ᠣᠪᠣᠭ᠎ᠠ︾ ᠭᠡᠵᠦ ᠨᠡᠷᠡᠯᠡᠭᠰᠡᠨᠪᠠᠶᠢᠵᠠᠢ᠃ ᠣᠪᠣᠭ᠎ᠠ ᠪᠠᠶᠢᠭ᠎ᠠ ︽ᠣᠮᠤᠭ︾ ᠠᠴᠠᠵᠡᠭᠦᠨ ᠡᠮᠦᠨᠡᠰᠢ ᠬᠢ ᠴᠠᠶᠢᠳᠠᠮ ᠢᠶᠠᠨᠲᠡᠭᠡᠭᠡᠳ ︽ᠣᠮᠣᠭᠲᠤ ᠶᠢᠨ ᠴᠡᠶᠢᠳᠠᠮ︾ ᠭᠡᠵᠦᠨᠡᠷᠡᠯᠡᠭᠰᠡᠨ ᠠᠵᠢ᠃ᠲᠦᠭᠦᠷᠢᠩᠬᠡᠨ ᠶᠠᠭᠤᠮ᠎ᠠ ᠪᠤᠶᠤ ᠪᠥᠬᠦᠶᠢᠯᠡᠪᠠᠶᠠᠲᠦ ᠴᠤᠭᠴᠠᠨ ᠠᠴᠠ ᠬᠤᠰᠢᠭᠤᠷᠠᠨ ᠭᠠᠷᠤᠭᠰᠠᠨᠬᠡᠰᠡᠭ ᠢ ᠮᠣᠩᠭᠤᠯᠴᠤᠳ ︽ᠣᠮᠤᠭ︾ ᠭᠡᠵᠦᠨᠡᠷᠡᠯᠡᠳᠡᠭ ᠪᠢᠯᠡ᠃ ᠣᠶᠢᠷ᠎ᠡ᠂ ᠣᠳᠣ ᠦᠶ᠎ᠡ ᠳᠤᠮᠣᠩᠭᠤᠯᠴᠦᠳ ᠲᠤᠰ ᠦᠭᠡ ᠶᠢᠨ ᠦᠨᠳᠦᠰᠦᠨᠤᠳᠬ᠎ᠠ ᠶᠢ ᠨᠢ ᠨᠢᠭᠡᠮᠦᠰᠦᠯ ᠮᠡᠳᠡᠬᠦ ᠪᠠᠨ ᠪᠣᠯᠢᠭᠠᠳᠬᠥᠮᠥᠰ ᠤᠨ ᠪᠤᠰᠤᠳ ᠪᠠ ᠬᠡᠷᠡᠭ ᠤᠴᠢᠷ ᠲᠤᠬᠠᠨᠲᠤᠬᠤ ᠣᠪᠣᠷ ᠲᠤ ᠢᠯᠡᠷᠯᠡᠭᠦᠯᠬᠦ ᠠᠭᠠᠭ᠂ ᠰᠦᠷ᠂ᠲᠣᠳᠣᠭᠠᠲᠤ ᠰᠡᠳᠬᠢᠯᠭᠡ ᠳᠠᠬᠢ ᠢᠲᠡᠭᠡᠯ ᠪᠠᠷᠳᠡᠯ ᠢᠲᠤᠰᠬᠠᠬᠤ ᠳᠤ ᠬᠡᠷᠡᠭᠯᠡᠳᠡᠭ ᠰᠢᠯᠵᠢᠭᠰᠡᠨ ᠤᠳᠬ᠎ᠠ ᠪᠠᠷ ᠨᠢ ᠯᠠ ᠬᠡᠷᠡᠭᠯᠡᠵᠦ ᠲᠠᠳᠦᠵᠡᠢ᠃ ᠡᠭᠦᠨ ᠤ ᠣᠯᠠᠮ ᠠᠴᠠᠳᠡᠭᠡᠷᠡᠬᠢ ᠲᠣᠮᠤᠭ ᠡᠭᠦᠰᠦᠭᠰᠡᠨ ᠪᠠᠶᠢᠬᠤ ᠮᠡᠲᠦᠪᠤᠳᠣᠭᠲᠠᠵᠤ ᠪᠠᠶᠢᠨ᠎ᠠ᠃ᠦᠦᠰᠢᠨ ᠬᠤᠰᠢᠭᠤᠨ ᠤ ᠰᠢᠷ᠎ᠠ ᠤᠰᠤᠪᠠᠯᠭᠠᠰᠤᠨ ᠳᠤ ᠪᠠᠰᠠ ᠶᠡᠭᠡ ᠣᠮᠤᠭ︾᠂ ︽ᠪᠠᠭ᠎ᠠᠣᠮᠤᠭ︾ ᠭᠡᠰᠡᠨ ᠭᠠᠵᠠᠷ ᠪᠤᠢ ᠨᠢ ᠡᠨᠡ ᠬᠦ ᠣᠮᠤᠭᠭᠡᠰᠡᠨ ᠲᠠᠢ ᠠᠳᠠᠯᠢ ᠤᠣᠯᠬ᠎ᠠ ᠲᠠᠢ ᠶᠤᠮ᠃
敖包.jpg
ᠢᠷᠡᠯᠲᠡ᠄ ᠣᠨᠣᠨ ᠳ᠋ᠣᠷᠺ