ᠢᠷᠡᠭᠡᠳᠦᠢ ᠳᠡᠭᠡᠨ ᠢᠲᠡᠭᠡᠯ ᠪᠠᠶᠢᠪᠠᠯ ᠠᠮᠢᠳᠤᠷᠠᠯ ᠴᠢᠮ᠎ᠠ ᠶᠢ ᠬᠦᠰᠡᠷᠳᠡᠭᠦᠯᠬᠦ ᠦᠭᠡᠢ
ᠨᠡᠶᠢᠲᠡᠯᠡᠭᠰᠡᠨ ᠴᠠᠭ᠄
2024/4/11
        ︽ᠠᠮᠢᠳᠤ ᠶᠠᠪᠦᠪᠠᠯ ᠠᠯᠲᠠᠨ ᠠᠶᠠᠭᠠᠨ ᠠᠴᠠ ᠤᠰᠤ ᠤᠤᠭᠤᠨ᠎ᠠ︾ ᠭᠡᠰᠡᠨ ᠮᠣᠩᠭᠤᠯ ᠤᠨ ᠰᠠᠶᠢᠬᠠᠨ ᠰᠤᠷᠭᠠᠯ ᠦᠭᠡ ᠪᠠᠶᠢᠳᠠᠭ᠃ ᠠᠪᠦ ᠡᠵᠢ ᠠᠬᠠᠮᠠᠳ ᠲᠣᠮᠤᠴᠤᠤᠯ ᠥᠪᠡᠷ ᠤᠨ ᠦᠷ᠎ᠡ ᠬᠡᠥᠬᠡᠳ ᠲᠡᠭᠡᠨ ᠦᠷᠭᠦᠯᠵᠢ ᠢᠷᠡᠭᠡᠳᠦᠢ ᠳᠡᠭᠡᠨ ᠢᠲᠡᠭᠡᠯ ᠲᠡᠭᠦᠯᠳᠡᠷ ᠪᠠᠢ ᠬᠡᠮᠡᠨ ᠰᠤᠷᠭᠠᠵᠤ᠂ ᠠᠯᠤᠰ ᠢᠷᠡᠭᠡᠳᠦᠢ ᠨᠢ ᠭᠤᠸ᠎ᠠ ᠰᠠᠶᠢᠬᠠᠨ ᠪᠠᠶᠢᠬᠤ ᠶᠢ ᠬᠦᠰᠡᠨ ᠡᠷᠡᠮᠡᠯᠵᠡᠳᠡᠭ ᠪᠢᠯᠡ᠃        ᠠᠮᠢ ᠨᠠᠰᠤᠨ ᠤ ᠵᠢᠩᠬᠢᠨᠢ ᠤᠳᠬ᠎ᠠ ᠠᠭᠤᠯᠭ᠎ᠠ ᠭᠡᠵᠤ ᠳᠠᠷᠤᠢ ᠥᠪᠡᠷ ᠤᠨ ᠬᠦᠰᠡᠭᠰᠡᠨ ᠰᠠᠨᠠᠭᠰᠠᠨ ᠢᠶᠠᠨ ᠪᠡᠶᠡᠯᠡᠭᠦᠯᠵᠦ᠂ ᠦᠢᠯᠡᠰ ᠪᠦᠳᠥᠭᠡᠯ ᠲᠠᠢ ᠶᠠᠪᠤᠬᠤ ᠶᠠᠪᠤᠳᠠᠯ ᠮᠦᠨ᠃ ᠢᠷᠡᠭᠡᠳᠦᠢ ᠳᠡᠭᠡᠨ ᠢᠲᠡᠭᠡᠯ ᠲᠠᠢ ᠪᠣᠯ ᠰᠠᠶ᠋ᠢ ᠠᠮᠵᠢᠯᠲᠠ ᠣᠯᠵᠤ ᠴᠢᠳᠠᠨ᠎ᠠ ᠭᠡᠵᠤ ᠪᠢ ᠦᠵᠡᠳᠡᠭ᠃ ᠰᠠᠶᠢᠨ ᠰᠠᠶᠢᠬᠠᠨ ᠬᠦᠰᠡᠯ ᠡᠷᠡᠮᠡᠯᠵᠡᠯ ᠪᠠᠶᠢᠪᠠᠯ ᠡᠷᠬᠡᠪᠰᠢ ᠲᠡᠭᠦᠨ ᠢ ᠪᠠᠨ ᠪᠡᠶᠡᠯᠡᠭᠦᠯᠬᠦ ᠬᠠᠲᠠᠭᠤ ᠵᠣᠷᠢᠭ᠂ ᠰᠦᠰᠦ ᠰᠢᠨᠲᠠᠰᠤ᠂ ᠢᠲᠡᠭᠡᠯ ᠲᠡᠮᠡᠦᠯᠦᠯ ᠪᠠᠶᠢᠬᠤ ᠬᠡᠷᠡᠭᠲᠡᠢ᠃ ᠡᠨᠡ ᠨᠢ ᠶᠠᠭ ᠵᠢᠭᠠᠰᠤ ᠲᠡᠵᠢᠭᠡᠶ᠎ᠡ ᠭᠡᠪᠡᠯ ᠵᠠᠪᠠᠯ ᠤᠰᠤ ᠪᠠᠶᠢᠬᠤ ᠬᠡᠷᠡᠭᠲᠡᠢ ᠭᠡᠳᠡᠭ ᠲᠠᠢ ᠡᠭᠡᠭᠡ ᠠᠳᠠᠯᠢ ᠶᠣᠰᠤ ᠶᠤᠮ᠃ ᠢᠲᠡᠭᠡᠯ ᠲᠠᠢ ᠬᠥᠮᠥᠨ ᠰᠠᠶ᠋ᠢ ᠬᠦᠰᠡᠯ ᠤᠨ ᠱᠠᠩ ᠢ ᠣᠯᠵᠤ ᠳᠡᠶᠢᠯᠦᠨ᠎ᠡ᠃ ︽ᠢᠲᠡᠭᠡᠯ ᠲᠠᠢ ᠪᠠᠶᠢᠪᠠᠯ ᠠᠯᠢᠪᠠ ᠬᠠᠲᠠᠭᠤ ᠪᠡᠷᠬᠡ᠂ ᠬᠦᠴᠢᠷ ᠵᠣᠪᠠᠯᠠᠩ ᠢ ᠲᠤᠭᠤᠯᠵᠤ᠂ ᠥᠪᠡᠷ ᠤᠨ ᠭᠡᠰᠡᠨ ᠬᠠᠷᠠᠯᠲᠠ ᠳᠠᠭᠠᠨ ᠬᠦᠷᠴᠦ ᠴᠢᠳᠠᠳᠠᠭ︾ ᠭᠡᠵᠤ ᠪᠠ ᠶᠢᠨ ᠬᠡᠯᠡᠵᠦ ᠥᠩᠭᠡᠷᠡᠵᠠᠢ᠃ ᠳᠡᠯᠡᠬᠡᠢ ᠶᠢᠨ ᠠᠯᠳᠠᠷᠲᠤ ᠰᠢᠨᠵᠢᠯᠡᠬᠦ ᠤᠬᠠᠭᠠᠨᠲᠠᠨ ᠾᠦᠺᠢᠩ 21 ᠨᠠᠰᠤᠲᠠᠢ ᠳᠠᠭᠠᠨ ︽ᠬᠥᠳᠡᠯᠭᠡᠭᠡᠨ ᠤ ᠮᠡᠳᠡᠷᠡᠯ ᠤᠨ ᠡᠰ ᠤᠨ ᠠᠪᠴᠢᠬᠤ ᠡᠪᠡᠳᠴᠢᠨ︾ ᠲᠠᠢ ᠭᠡᠰᠡᠨ ᠣᠨᠤᠰᠢᠯᠠᠯᠲᠠ ᠶᠢ ᠣᠯᠤᠭᠰᠠᠨ ᠪᠣᠯᠪᠠᠴᠤ ᠡᠭᠦᠨ ᠠᠴᠠ ᠪᠣᠯᠵᠤ ᠨᠢᠭᠡᠮᠤᠰᠦᠨ ᠠᠮᠢᠳᠤᠷᠠᠯ ᠳᠠᠭᠠᠨ ᠢᠲᠡᠭᠡᠯ ᠠᠯᠳᠠᠭᠰᠠᠨ ᠦᠭᠡᠢ᠃ ᠡᠰᠡᠷᠭᠦ ᠪᠠᠷ ᠾᠦᠺᠢᠩ ᠬᠡᠨ ᠠᠴᠠ ᠴᠤ ᠢᠯᠡᠭᠦᠦ ᠠᠮᠢ ᠨᠠᠰᠤᠨ ᠤ ᠡᠷᠬᠢᠮ ᠨᠠᠨᠳᠢᠨ ᠢ ᠮᠡᠳᠡᠵᠤ᠂ ᠢᠷᠡᠭᠡᠳᠦᠢ ᠳᠡᠭᠡᠨ ᠬᠡᠮᠵᠢᠶᠡᠯᠡᠰᠢ ᠦᠭᠡᠢ ᠢᠲᠡᠭᠡᠯ ᠵᠣᠷᠢᠭ ᠢ ᠡᠪᠦᠷᠯᠡᠵᠤ᠂ ᠬᠦᠮᠦᠨ ᠲᠥᠷᠦᠯᠬᠢᠲᠡᠨ ᠤ ᠰᠢᠨᠵᠢᠯᠡᠬᠦ ᠤᠬᠠᠭᠠᠨ ᠤ ᠬᠦᠷᠢᠶ᠎ᠡ ᠬᠡᠪᠴᠢᠶ᠎ᠡ ᠶᠢ ᠤᠯᠠᠮ ᠨᠢᠭᠡ ᠠᠯᠬᠤᠮ ᠥᠷᠭᠡᠳᠭᠡᠶ᠎ᠡ ᠭᠡᠰᠡᠨ ᠠᠭᠤᠤ ᠶᠡᠭᠡ ᠬᠦᠰᠡᠯ ᠲᠡᠮᠡᠦᠯᠦᠯ ᠤᠨ ᠢᠶᠠᠨ ᠲᠥᠯᠤᠭᠡ ᠲᠡᠮᠡᠴᠡᠭᠰᠡᠨ ᠶᠤᠮ᠃ ᠦᠭᠡ ᠬᠡᠯᠡᠨ ᠤ ᠴᠢᠳᠠᠪᠤᠷᠢ ᠪᠠᠨ ᠠᠯᠳᠠᠵᠤ᠂ ᠳᠦᠯᠬᠢᠭᠦᠷ ᠲᠡᠷᠭᠡᠨ ᠳᠡᠭᠡᠷ᠎ᠡ ᠠᠮᠢ ᠨᠠᠰᠤᠨ ᠤ ᠡᠴᠦᠰ ᠤᠨ ᠥᠷᠲᠡᠭᠡ ᠬᠦᠷᠲᠡᠯ᠎ᠡ ᠴᠠᠭ ᠢᠶᠠᠨ ᠡᠯᠡᠭᠡᠭᠰᠡᠨ ᠪᠣᠯᠪᠠᠴᠤ ᠾᠦᠺᠢᠩ ᠮᠦᠨ ᠯᠣᠲᠤ ᠶᠡᠭᠡ ᠠᠮᠵᠢᠯᠲᠠ ᠣᠯᠵᠤ᠂ ᠬᠦᠮᠦᠨ ᠲᠥᠷᠦᠯᠬᠢᠲᠡᠨ ᠤ ᠰᠢᠨᠵᠢᠯᠡᠬᠦ ᠤᠬᠠᠭᠠᠨ ᠤ ᠰᠤᠳᠤᠯᠤᠯᠲᠠ ᠳᠤ ᠴᠠᠭᠯᠠᠰᠢ ᠦᠭᠡᠢ ᠠᠴᠢ ᠭᠠᠪᠢᠶ᠎ᠠ ᠦᠵᠡᠭᠦᠯᠵᠡᠢ᠃        ᠥᠪᠡᠷ ᠤᠨ ᠢᠷᠡᠭᠡᠳᠦᠢ ᠳᠡᠭᠡᠨ ᠢᠲᠡᠭᠡᠯ ᠲᠠᠢ᠂ ᠠᠮᠢ ᠨᠠᠰᠤᠨ ᠤ ᠡᠷᠬᠢᠮ ᠢ ᠲᠠᠨᠢᠵᠤ ᠤᠬᠠᠭᠰᠠᠨ ᠬᠦᠮᠦᠰ ᠠᠮᠵᠢᠯᠲᠠ ᠤᠯᠳᠠᠭ ᠨᠢ ᠭᠠᠷᠴᠠᠭ᠎ᠠ ᠦᠭᠡᠢ ᠦᠨᠡᠨ ᠶᠣᠰᠤ ᠪᠣᠯᠬᠤᠷ ᠪᠢᠳᠡ ᠶᠠᠭᠤᠨ ᠤ ᠡᠮᠦᠨ᠎ᠡ ᠥᠪᠡᠷ ᠲᠡᠭᠡᠨ ᠣᠶᠤᠨ ᠰᠠᠨᠠᠭᠠᠨ ᠤ ᠲᠤᠯᠭᠠᠭᠤᠷᠢ ᠴᠢᠯᠠᠭᠤ ᠪᠣᠯᠬᠤ ᠢᠲᠡᠭᠡᠯ ᠤᠷᠮ᠎ᠠ ᠶᠢ ᠬᠦᠷᠲᠡᠯ᠎ᠡ ᠬᠠᠶᠢᠷᠠᠯᠠᠬᠤ ᠦᠭᠡᠢ ᠪᠣᠯ ᠬᠦᠰᠡᠯ ᠢᠶᠠᠨ ᠪᠡᠶᠡᠯᠡᠭᠦᠯᠵᠤ᠂ ᠢᠷᠡᠭᠡᠳᠦᠢ ᠳᠡᠭᠡᠨ ᠣᠯᠠᠨ ᠠᠴᠠ ᠴᠣᠯᠭᠤᠷᠠᠬᠤ ᠨᠢ ᠪᠡᠶᠡᠯᠡᠭᠳᠡᠰᠢ ᠦᠭᠡᠢ ᠶᠠᠪᠤᠳᠠᠯ ᠶᠤᠮ᠃ ᠵᠣᠷᠢᠭ ᠦᠭᠡᠢ ᠬᠦᠮᠦᠨ ᠢᠷ ᠦᠭᠡᠢ ᠬᠢᠲᠤᠭ᠎ᠠ᠃ ᠢᠷᠡᠭᠡᠳᠦᠢ ᠳᠡᠭᠡᠨ ᠢᠲᠡᠭᠡᠯ ᠲᠠᠢ ᠪᠠᠶᠢᠬᠤ ᠨᠢ ᠪᠢᠳᠡᠨ ᠤ ᠶᠢᠰᠦᠨ ᠴᠠᠭᠠᠨ ᠬᠦᠰᠡᠯ ᠢᠶᠠᠨ ᠪᠡᠶᠡᠯᠡᠭᠦᠯᠬᠦ ᠰᠠᠭᠤᠷᠢ ᠶᠤᠮ᠃ ᠠᠮᠧᠷᠢᠺᠠ ᠶᠢᠨ ᠨᠢᠭᠡᠨ ᠶᠠᠳᠠᠭᠤ ᠵᠦᠳᠡᠭᠦᠦ ᠲᠣᠰᠬᠤᠨ ᠤ 15 ᠨᠠᠰᠤ ᠲᠠᠢ ᠪᠢᠴᠢᠬᠠᠨ ᠬᠦᠦ ᠥᠪᠡᠷ ᠤᠨ ᠲᠡᠮᠲᠡᠭᠯᠡᠯ ᠲᠡᠭᠡᠷ᠎ᠡ ᠪᠠᠨ ︽ᠬᠤᠵᠢᠮ ᠺᠢᠨᠣ᠋ ᠲᠣᠭᠯᠠᠭᠴᠢ ᠪᠣᠯᠤᠨ᠎ᠠ᠂ ᠳᠠᠭᠤᠦ ᠵᠣᠬᠢᠶᠠᠨ᠎ᠠ᠂ ᠠᠮᠠᠽᠤᠨᠠᠰ ᠮᠥᠷᠡᠨ᠂ ᠺᠣᠩᠭᠣ᠋ ᠮᠥᠷᠡᠨ ᠢᠶᠠᠷ ᠳᠦᠭᠰᠢᠭᠦᠷᠢᠲᠦ ᠠᠶᠠᠯᠠᠯ ᠬᠢᠨ᠎ᠡ᠂ ᠠᠹᠷᠢᠺᠠ ᠲᠢᠪ ᠲᠤ 100 ᠲᠥᠮᠡᠨ ᠳ᠋ᠣᠯᠯᠠᠷ ᠬᠠᠨᠳᠢᠪᠯᠠᠨ᠎ᠠ᠂ ᠵᠦᠮᠤᠯᠠᠩᠮᠠ ᠣᠷᠭᠢᠯ ᠪᠣᠯᠣᠨ ᠺᠢᠨᠮᠣᠷᠢ ᠣᠷᠭᠢᠯ ᠢ ᠠᠪᠠᠷᠢᠨ᠎ᠠ ᠁︾ ᠭᠡᠵᠤ ᠥᠴᠦᠬᠡᠨ ᠴᠤ ᠲᠠᠳᠠᠭᠠᠯᠵᠠᠯ ᠦᠭᠡᠢ ᠪᠠᠷ 127 ᠬᠦᠰᠡᠯ ᠡᠷᠡᠮᠡᠯᠵᠡᠯ ᠢᠶᠠᠨ ᠪᠢᠴᠢᠵᠡᠢ ᠃ ︽ᠠᠪᠤ ᠶᠢᠨ ᠬᠦᠤ ᠳᠤ ᠠᠮᠨ ᠭᠡᠷᠡᠴᠢ᠂ ᠠᠯᠤᠰ ᠤᠨ ᠠᠭᠤᠯᠠᠨ ᠳᠤ ᠨᠠᠷᠠ ᠭᠡᠷᠡᠴᠢ︾ ᠭᠡᠳᠡᠭᠴᠢᠯᠡᠨ 44 ᠵᠢᠯ ᠤᠨ ᠳᠠᠷᠠᠭ᠎ᠠ ᠲᠡᠷᠡ ᠮᠠᠨᠢ ᠨᠢᠭᠡᠨᠲᠡ 106 ᠶᠢ ᠨᠢ ᠪᠡᠶᠡᠯᠡᠭᠦᠯᠵᠠᠢ᠃ ᠡᠨᠡ ᠪᠣᠯ ᠳᠠᠷᠤᠢ ᠬᠤᠷᠢᠳᠤᠭᠠᠷ ᠵᠠᠭᠤᠨ ᠤ ᠠᠯᠳᠠᠷᠲᠤ ᠠᠶᠤᠯ ᠲᠦᠭᠰᠢᠭᠦᠷᠢᠴᠢᠨ ᠶᠤᠬᠠᠨ · ᠭᠧᠳᠠᠳᠧ ᠪᠣᠯᠤᠨ᠎ᠠ᠃ 15 ᠨᠠᠰᠤ ᠲᠠᠢ ᠪᠣᠯᠪᠠᠴᠤ ᠶᠤᠬᠠᠨ ᠠᠮᠢᠳᠤᠷᠠᠯ ᠳᠠᠭᠠᠨ ᠨᠠᠷᠢᠨ ᠲᠥᠯᠥᠪᠯᠡᠭᠡ ᠲᠣᠭᠲᠠᠭᠠᠵᠤ᠂ ᠮᠥᠨ ᠴᠤ ᠠᠮᠢᠳᠤᠷᠠᠯ ᠳᠠᠭᠠᠨ᠂ ᠢᠷᠡᠭᠡᠳᠤᠢ ᠳᠡᠭᠡᠨ ᠢᠲᠡᠭᠡᠯ ᠪᠠᠶᠢᠭᠰᠠᠨ ᠠᠴᠠ ᠰᠠᠶ᠋ᠢ ᠥᠪᠡᠷ ᠤᠨ ᠬᠦᠰᠡᠯᠡᠩ ᠢᠶᠠᠨ ᠪᠡᠶᠡᠯᠡᠭᠦᠯᠦᠭᠰᠡᠨ ᠪᠠᠶᠠᠷ ᠴᠡᠩᠬᠡᠯ ᠢ ᠡᠳ᠋ᠯᠡᠵᠦ ᠴᠢᠳᠠᠭᠰᠠᠨ ᠶᠤᠮ᠃    ᠬᠦᠮᠥᠨ ᠤ ᠠᠮᠢᠳᠤᠷᠠᠯ ᠤᠨ ᠵᠠᠮ ᠨᠢᠭᠡ ᠯᠠ ᠬᠥᠭ ᠢᠶᠠᠷ ᠲᠡᠭᠰᠢ ᠠᠰᠬᠠᠨ ᠪᠠᠶᠢᠵᠤ ᠴᠢᠳᠠᠬᠤ ᠦᠭᠡᠢ᠃ ︽ᠪᠢᠳᠡᠨ ᠤ ᠠᠮᠢᠳᠤᠷᠠᠯ ᠠᠪ ᠠᠳᠠᠯᠢᠬᠠᠨ᠂ ᠪᠢᠳᠡᠨ ᠤ ᠬᠤᠭᠤᠯᠠᠢ ᠳᠤ ᠦᠭᠡ ᠬᠦᠷᠲᠡᠯ᠎ᠡ ᠨᠢᠭᠡ ᠶᠠᠩᠵᠤ ᠪᠠᠷ ᠵᠠᠩᠭᠢᠷᠠᠵᠤ᠂ ᠪᠢᠳᠡᠨ ᠤ ᠬᠠᠴᠠᠷ ᠳᠡᠭᠡᠷ᠎ᠡ ᠨᠢᠯᠪᠤᠰᠤ ᠬᠦᠷᠲᠡᠯ᠎ᠡ ᠨᠢᠭᠡ ᠶᠠᠩᠵᠤ ᠪᠠᠷ ᠪᠥᠮᠪᠦᠷᠢᠵᠤ᠂ ᠪᠢᠳᠡᠨ ᠤ ᠠᠮᠢᠳᠤᠷᠠᠯ ᠳᠤ ᠠᠪ ᠠᠳᠠᠯᠢᠬᠠᠨ ᠤᠴᠠᠷᠠᠯ ᠳᠣᠬᠢᠶᠠᠯᠳᠤᠨ᠎ᠠ ᠁︾ ᠭᠡᠵᠤ ᠳᠠᠰᠢᠪᠠᠯᠪᠠᠷ ᠭᠤᠸᠠᠢ ᠥᠪᠡᠷ ᠤᠨ ᠰᠢᠯᠦᠭ ᠲᠡᠭᠡᠨ ᠬᠦᠮᠦᠨ ᠤ ᠠᠮᠢᠳᠤᠷᠠᠯ ᠳᠤ ᠬᠦᠴᠢᠷ ᠪᠡᠷᠬᠡᠰᠢᠶᠡᠯ ᠵᠠᠶᠢᠯᠠᠰᠢ ᠦᠭᠡᠢ ᠳᠣᠬᠢᠶᠠᠯᠳᠤᠨ᠎ᠠ ᠭᠡᠳᠡᠭ ᠢ ᠳᠦᠷᠰᠦᠯᠢᠭ ᠰᠠᠶᠢᠬᠠᠨ ᠢᠯᠡᠳᠭᠡᠭᠰᠡᠨ ᠶᠤᠮ᠃ ᠬᠡᠳᠦ᠋ᠢᠪᠡᠷ ᠪᠢᠳᠡᠨ ᠤ ᠠᠮᠢᠳᠤᠷᠠᠯ ᠤᠨ ᠬᠠᠷᠭᠤᠢ ᠲᠡᠭᠰᠢ ᠰᠠᠶᠢᠬᠠᠨ ᠪᠠᠶᠢᠵᠤ ᠴᠢᠳᠠᠬᠤ ᠦᠭᠡᠢ᠂ ᠬᠠᠶᠠ ᠳᠠᠭᠠᠨ ᠮᠠᠨ ᠢ ᠵᠣᠪᠠᠭᠠᠵᠤ᠂ ᠪᠥᠳᠦᠷᠢᠭᠦᠯᠵᠦ᠂ ᠭᠤᠲᠤᠭᠠᠳᠠᠭ ᠪᠣᠯᠪᠠᠴᠤ ᠪᠢᠳᠡᠨ ᠤ ᠴᠡᠭᠡᠵᠢᠨ ᠳᠤ ᠢᠲᠡᠭᠡᠯ ᠲᠡᠭᠦᠯᠳᠡᠷ ᠪᠠᠶᠢᠳᠠᠭ ᠯᠠ ᠶᠤᠮ ᠪᠤᠯ᠂ ᠪᠢᠳᠡᠨ ᠤ ᠨᠢᠳᠦᠨ ᠳᠤ ᠠᠯᠤᠰ ᠢᠷᠡᠭᠡᠳᠤᠢ ᠶᠢ ᠬᠦᠰᠡᠨ ᠴᠢᠭᠯᠡᠵᠦ ᠪᠠᠶᠢᠭ᠎ᠠ ᠬᠠᠷᠠᠯᠲᠠ ᠬᠦᠰᠡᠯᠡᠩ ᠪᠠᠶᠢᠳᠠᠭ ᠯᠠ ᠶᠤᠮ ᠪᠣᠯ ᠪᠢᠳᠡ ᠮᠠᠷᠭᠠᠰᠢ ᠶᠢᠨ ᠤᠴᠠᠷᠠᠬᠤ ᠬᠦᠴᠢᠷ ᠪᠡᠷᠬᠡᠰᠢᠶᠡᠯ᠂ ᠨᠤᠭᠤᠷᠠᠯ ᠪᠥᠳᠦᠷᠢᠯ ᠠᠴᠠ ᠠᠶᠤᠬᠤ ᠬᠡᠷᠡᠭ ᠠᠯᠠᠭ᠎ᠠ᠂ ︽ᠬᠦᠴᠢᠷ ᠢ ᠳᠠᠪᠠᠪᠠᠯ ᠬᠥᠭᠵᠢᠯ ᠤᠭᠲᠤᠳᠠᠭ᠂ ᠬᠥᠨᠵᠢᠯᠡᠨ ᠳᠤ ᠣᠷᠤᠪᠠᠯ ᠯᠠᠭᠰᠢᠯ ᠤᠭᠲᠤᠳᠠᠭ︾ ᠭᠡᠳᠡᠭ ᠪᠢᠰᠢ ᠤᠤ︖    ᠠᠮᠢᠳᠤᠷᠠᠯ ᠪᠢᠳᠡᠨ ᠢ ᠭᠤᠯᠤᠳᠠᠭ ᠪᠢᠰᠢ᠂ ᠮᠥᠨ ᠴᠤ ᠪᠢᠳᠡᠨ ᠢ ᠭᠤᠯᠤᠵᠤ ᠴᠢᠳᠠᠬᠤ ᠦᠭᠡᠢ᠃ ᠪᠢᠳᠡᠨ ᠢ ᠭᠤᠯᠤᠵᠤ ᠪᠠᠶᠢᠭ᠎ᠠ ᠨᠢ ᠴᠣᠷ ᠤᠨ ᠭᠠᠨᠴᠠ ᠥᠪᠡᠷ ᠤᠨ ᠴᠢᠨᠢ ᠪᠡᠶ᠎ᠡ ᠶᠤᠮ᠃ ᠠᠮᠢᠳᠤᠷᠠᠯ ᠳᠠᠭᠠᠨ ᠢᠲᠡᠭᠡᠯ ᠤᠷᠮ᠎ᠠ ᠪᠠᠷ ᠬᠤᠭᠤᠰᠤᠳᠠᠭᠰᠠᠨ ᠬᠦᠮᠦᠨ ᠤ ᠠᠮᠢᠳᠤᠷᠠᠯ ᠨᠢ ᠥᠭᠡᠳᠡ ᠦᠭᠡᠢ᠂ ᠠᠵᠢᠯ ᠨᠢ ᠤᠷᠤᠭᠰᠢ ᠦᠭᠡᠢ ᠪᠠᠶᠢᠬᠤ ᠶᠢᠨ ᠬᠠᠮᠲᠤ ᠢᠳᠡᠭ ᠢᠳᠡᠭ ᠢᠶᠠᠷ ᠤᠷᠤᠭᠤ ᠵᠠᠮ ᠢ ᠥᠪᠡᠷ ᠢᠶᠠᠨ ᠴᠤ ᠰᠡᠷᠡᠵᠦ ᠠᠮᠵᠢᠯ ᠦᠭᠡᠢ ᠪᠠᠷ ᠴᠢᠭᠯᠡᠭᠰᠡᠭᠡᠷ ᠁ ᠠᠮᠢ ᠨᠠᠰᠤ ᠭᠡᠵᠤ ᠭᠠᠭᠴᠠᠬᠠᠨ ᠤᠳᠠᠭ᠎ᠠ ᠲᠣᠬᠢᠶᠠᠯᠳᠤᠬᠤ ᠡᠷᠬᠢᠮ ᠵᠦᠢᠯ᠂ ᠢᠷᠡᠭᠡᠳᠦᠢ ᠭᠡᠵᠦ ᠪᠢᠳᠡᠨ ᠤ ᠬᠦᠰᠡᠯ ᠬᠠᠷᠠᠯᠲᠠ᠂ ᠰᠠᠶᠢᠨ ᠰᠠᠶᠢᠬᠠᠨ ᠪᠣᠳᠤᠯ ᠰᠡᠳᠭᠢᠯ ᠢ ᠳᠥᠭᠦᠷᠡᠩ ᠤᠭᠤᠳᠠᠯᠠᠭᠰᠠᠨ ᠡᠷᠳᠡᠨᠢ ᠶᠢᠨ ᠬᠠᠶᠢᠷᠴᠠᠭ᠃ ᠪᠢᠳᠡ ︽ᠬᠤᠭᠤᠷᠠᠭ᠎ᠠ ᠦᠭᠡᠢ ᠨᠣᠶᠠᠨ ᠨᠢᠷᠤᠭᠤ︾ ᠭᠡᠰᠡᠨ ᠵᠣᠬᠢᠶᠠᠯ ᠳᠠᠬᠢ ᠭᠤᠣᠯ ᠳᠦᠷᠢ ᠰᠢᠭ ᠬᠦᠴᠢᠷ ᠪᠡᠷᠬᠡᠰᠢᠶᠡᠯ ᠲᠠᠢ ᠬᠡᠳᠦᠨᠲᠡ ᠤᠴᠠᠷᠠᠭᠰᠠᠨ ᠴᠤ ᠪᠦᠷ ᠰᠢᠳᠦ ᠪᠠᠨ ᠵᠠᠭᠤᠨ ᠳᠡᠰᠪᠦᠷᠢᠯᠡᠨ ᠲᠤᠭᠤᠯᠬᠤ ᠵᠣᠷᠢᠭ ᠲᠠᠢ ᠪᠠᠶᠢᠵᠤ᠂ ᠠᠮᠢᠳᠤᠷᠠᠯ ᠳᠠᠭᠠᠨ ᠤᠷᠮ᠎ᠠ ᠢᠲᠡᠭᠡᠯ ᠲᠠᠢ᠂ ᠢᠷᠡᠭᠡᠳᠤᠢ ᠳᠡᠭᠡᠨ ᠬᠦᠰᠡᠯ ᠬᠠᠷᠠᠯᠲᠠ ᠲᠠᠢ᠂ ᠥᠪᠡᠷ ᠤᠨ ᠬᠦᠰᠡᠭᠰᠡᠨ ᠰᠠᠨᠠᠭᠰᠠᠨ ᠢᠶᠠᠨ ᠪᠡᠶᠡᠯᠡᠭᠦᠯᠬᠦ ᠶᠢᠨ ᠲᠤᠯᠠᠳᠠ ᠬᠦᠴᠦᠯᠡᠨ ᠴᠢᠷᠮᠠᠶᠢᠳᠠᠭ ᠶᠤᠮ ᠪᠣᠯ ᠠᠮᠢᠳᠤᠷᠠᠯ ᠮᠠᠨᠢ ᠪᠢᠳᠡᠨ ᠢ ᠬᠦᠰᠡᠷᠳᠡᠭᠦᠯᠬᠦ ᠦᠭᠡᠢ ᠶᠤᠮ᠃    ᠥᠨᠦᠳᠦᠷ ᠴᠢ ᠪᠠᠶᠠᠷᠯᠠᠵᠤ ᠴᠠᠭᠠᠳᠤᠬᠢ ᠨᠢ ᠵᠣᠪᠠᠭᠰᠠᠨ ᠴᠤ᠂ ᠮᠠᠷᠭᠠᠰᠢ ᠴᠢ ᠭᠤᠨᠢᠵᠤ ᠴᠠᠭᠠᠳᠤᠬᠢ ᠨᠢ ᠳᠠᠭᠤᠯᠠᠨ᠎ᠠ᠃ ᠪᠢᠳᠡ ᠢᠷᠡᠭᠡᠳᠦᠢ ᠶᠢᠨ ᠤᠴᠢᠷ ᠢ ᠮᠡᠳᠡᠵᠦ ᠳᠡᠶᠢᠯᠬᠦ ᠦᠭᠡᠢ᠂ ᠮᠥᠨ ᠴᠤ ᠥᠪᠡᠷ ᠤᠨ ᠠᠮᠢ ᠨᠠᠰᠤᠨ ᠳᠠᠭᠠᠨ ᠳᠣᠬᠢᠶᠠᠯᠳᠤᠵᠤ ᠮᠡᠳᠡᠬᠦ ᠰᠠᠭᠠᠳ ᠬᠠᠷᠰᠢ ᠠᠴᠠ ᠤᠷᠢᠳᠴᠢᠯᠠᠨ ᠵᠠᠶᠢᠯᠠᠬᠤ ᠪᠤᠶᠤ ᠰᠡᠷᠭᠡᠶᠢᠯᠡᠵᠦ ᠴᠢᠳᠠᠬᠤ ᠦᠭᠡᠢ᠂ ᠭᠡᠪᠡᠴᠤ ᠪᠢᠳᠡᠨ ᠳᠤ ᠥᠭᠡᠳᠡᠷᠬᠡᠭ ᠣᠪᠣᠷ᠂ ᠪᠠᠶᠠᠰᠤᠩᠭᠤᠢ ᠦᠵᠡᠯ᠂ ᠬᠠᠲᠠᠭᠤ ᠰᠢᠨᠲᠠᠰᠤ ᠪᠠᠶᠢᠳᠠᠭ ᠶᠤᠮ ᠪᠣᠯ ᠴᠢ ᠪᠢᠳᠡᠨ ᠤ ᠠᠮᠢᠳᠤᠷᠠᠯ ᠨᠡᠩ ᠤᠳᠬ᠎ᠠ ᠠᠭᠤᠯᠭ᠎ᠠ ᠲᠠᠢ ᠪᠣᠯᠤᠨ᠎ᠠ᠃    ︽ᠠᠮᠢᠳᠤ ᠶᠠᠪᠦᠪᠠᠯ ᠠᠯᠲᠠᠨ ᠠᠶᠠᠭᠠᠨ ᠠᠴᠠ ᠤᠰᠤ ᠤᠤᠭᠤᠨ᠎ᠠ︾ ᠭᠡᠳᠡᠭ ᠢᠶᠠᠷ ᠢᠷᠡᠭᠡᠳᠤᠢ ᠳᠡᠭᠡᠨ ᠢᠲᠡᠭᠡᠯ ᠪᠠᠶᠢᠪᠠᠯ ᠠᠮᠢᠳᠤᠷᠠᠯ ᠴᠢᠮ᠎ᠠ ᠶᠢ ᠦᠯᠤ ᠬᠦᠰᠡᠷᠳᠡᠭᠦᠯᠦᠨ᠎ᠡ᠃
ᠢᠷᠡᠯᠲᠡ᠄ ᠣᠷᠳᠣᠰ ᠮᠣᠩᠭᠤᠯ ᠰᠥᠯᠵᠢᠶ᠎ᠡ