ᠳᠤᠮᠳᠠᠳᠤ ᠤᠯᠤᠰ ᠤᠨ ᠬᠥᠯ ᠪᠥᠮᠪᠦᠭᠡ ᠶᠢᠨ ᠨᠡᠶᠢᠭᠡᠮᠯᠢᠭ ᠤᠨ ᠤᠤᠯ ᠤᠨ ᠲᠡᠷᠢᠭᠦᠯᠡᠭᠴᠢ ᠴᠧᠨ ᠰᠢᠤᠢ ᠶᠤᠸᠠᠨ ᠤ ᠨᠢᠭᠡᠳᠦᠭᠡᠷ ᠰᠢᠭᠦᠯᠲᠡ ᠳᠤ ᠬᠤᠭᠤᠴᠠᠭ᠎ᠠ ᠦᠭᠡᠢ ᠬᠤᠷᠢᠬᠤ ᠡᠷᠡᠭᠦᠦ ᠪᠠᠷ ᠰᠢᠢᠳᠬᠡᠭᠳᠡᠪᠡ
ᠨᠡᠶᠢᠲᠡᠯᠡᠭᠰᠡᠨ ᠴᠠᠭ᠄
2024/4/11
         2024 ᠣᠨ ᠤ 3 ᠰᠠᠷ᠎ᠠ ᠶᠢᠨ 26 ᠤ ᠡᠳᠦᠷ ᠤᠨ ᠦᠳᠡ ᠶᠢᠨ  ᠡᠮᠦᠨ᠎ᠡ᠂  ᠬᠤᠪᠧᠢ  ᠮᠤᠵᠢ ᠶᠢᠨ  ᠬᠤᠸᠠᠩᠱᠢ‌ᠬᠤᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶ᠎ᠠ ᠳᠤᠮᠳᠠᠳᠤ ᠤᠯᠤᠰ ᠤᠨ ᠬᠥᠯ  ᠪᠥᠮᠪᠦᠭᠡ ᠶᠢᠨ  ᠨᠡᠶᠢᠭᠡᠮᠯᠢᠭ ‍ᠦᠨ‌ᠤᠤᠯ ᠤᠨ ᠲᠡᠷᠢᠭᠦᠯᠡᠭᠴᠢ ᠴᠧᠨ ᠰᠢᠤᠢ ᠶᠤᠸᠠᠨ ᠤ ᠠᠪᠯᠢᠭᠠᠯᠠᠭᠰᠠᠨ  ᠬᠡᠷᠡᠭ ᠤᠨ  ᠨᠢᠭᠡᠳᠦᠭᠡᠷ  ᠰᠢᠭᠦᠯᠲᠡ ᠶᠢᠨ  ᠲᠠᠰᠤᠯᠤᠯᠲᠠ ᠵᠢ‌ᠢᠯᠡ ᠪᠠᠷ ᠨᠡᠶᠢᠲᠡᠯᠡᠵᠦ᠂ ᠵᠠᠭᠠᠯᠳᠤᠭᠳᠠᠭᠴᠢ ᠴᠧᠨ ᠰᠢᠤᠢ ᠶᠤᠸᠠᠨ ᠢ ᠠᠪᠯᠢᠭᠠᠯᠠᠭᠰᠠᠨ ᠶᠠᠯ᠎ᠠ ᠪᠠᠷ ᠬᠤᠭᠤᠴᠠᠭ᠎ᠠ ᠦᠭᠡᠢ  ᠬᠤᠷᠢᠬᠤ‌ᠡᠷᠡᠭᠦᠦ ᠪᠠᠷ ᠰᠢᠳᠭᠡᠵᠦ᠂ ᠤᠯᠤᠰ ᠲᠥᠷᠥ ᠶᠢᠨ ᠡᠷᠬᠡ ᠶᠢ ᠨᠢ ᠨᠠᠰᠤᠨ ᠲᠤᠷᠰᠢ ᠳᠤᠨᠢ ᠬᠠᠰᠤᠵᠤ᠂ ᠬᠤᠪᠢ ᠬᠥᠮᠥᠨ ᠤ ᠪᠥᠬᠦ ᠡᠳ᠋‌‍ᠬᠥ᠋ᠷᠥᠩᠭᠡ ᠶᠢ ᠨᠢ ᠬᠤᠷᠢᠶᠠᠨ ᠠᠪᠬᠤ ᠪᠠᠷ ᠨᠡᠶᠢᠯᠡᠭᠦᠯᠦᠨ ᠰᠢᠢᠳᠬᠡᠪᠡ︔ ᠠᠪᠯᠢᠭ᠎ᠠ ᠢᠳᠡᠵᠦ᠂ ᠬᠠᠤᠯᠢ ᠶᠢ ᠵᠥᠷᠢᠴᠡᠵᠦ ᠣᠯᠣᠭᠰᠠᠨ‌ᠣᠯᠵᠠ ᠠᠰᠢᠭ ᠢ ᠨᠢ ᠬᠠᠤᠯᠢ ᠶᠣᠰᠣᠭᠠᠷ ᠨᠡᠬᠡᠮᠵᠢᠯᠡᠨ ᠲᠤᠰᠢᠶᠠᠯᠭᠠᠵᠤ᠂ ᠤᠯᠤᠰ ᠤᠨ ᠰᠠᠩ ᠳᠤ ᠲᠤᠰᠢᠶᠠᠨ᠎ᠠ᠃          ᠰᠢᠭᠦᠬᠦ ᠪᠠᠷ ᠳᠠᠮᠵᠢᠭᠠᠳ ᠪᠠᠶᠢᠴᠠᠭᠠᠨ ᠲᠣᠳᠣᠯᠠᠭᠰᠠᠨ  ᠨᠢ᠄  2010  ᠣᠨ ᠠᠴᠠ  2023  ᠣᠨ  ᠪᠣᠯᠲᠠᠯ᠎ᠠ᠂ᠵᠠᠭᠠᠯᠳᠤᠭᠳᠠᠭᠴᠢ ᠴᠧᠨ  ᠰᠢᠤᠢ  ᠶᠤᠸᠠᠨ  ᠤᠷᠢᠳ  ᠬᠤᠵᠢᠳ  ᠱᠠᠩᠬᠠᠢ ᠶᠢᠨ  ᠣᠯᠠᠨ  ᠤᠯᠤᠰ ᠤᠨ  ᠭᠠᠷᠠᠮ ᠤᠨ  ᠶᠠᠪᠤᠳᠠᠯ︵ᠪᠦᠯᠦᠭᠯᠡᠯ︶ ᠤᠨ ᠬᠤᠪᠢ ᠣᠷᠣᠭᠤᠯᠤᠭᠰᠠᠨ ᠬᠢᠵᠠᠭᠠᠷᠲᠤ ᠺᠣᠮᠫᠠᠨᠢ ᠶᠢᠨ ᠶᠡᠷᠦᠩᠬᠡᠢ ᠵᠠᠬᠢᠷᠤᠯ᠂ ᠬᠡᠷᠡᠭ ᠮᠡᠳᠡᠭᠴᠢᠳ ᠤᠨ ᠳᠠᠷᠤᠭ᠎ᠠ᠂ᠳᠤᠮᠳᠠᠳᠤ ᠤᠯᠤᠰ ᠤᠨ ᠬᠥᠯ ᠪᠥᠮᠪᠦᠭᠡ ᠶᠢᠨ ᠨᠡᠶᠢᠭᠡᠮᠯᠢᠭ ᠤᠨ ᠬᠤᠭᠤᠴᠠᠭ᠎ᠠ ᠰᠣᠯᠢᠬᠤ ᠪᠡᠯᠡᠳᠬᠡᠯ  ᠳᠤᠭᠤᠶᠢᠯᠠᠩ ᠤᠨ  ᠳᠠᠷᠤᠭ᠎ᠠ᠂ᠳᠤᠮᠳᠠᠳᠤ ᠤᠯᠤᠰ ᠤᠨ ᠬᠥᠯ ᠪᠥᠮᠪᠦᠭᠡ ᠶᠢᠨ ᠨᠡᠶᠢᠭᠡᠮᠯᠢᠭ ᠤᠨ ᠲᠡᠷᠢᠭᠦᠯᠡᠭᠴᠢ ᠵᠡᠷᠭᠡ  ᠲᠤᠰᠢᠶᠠᠯ ᠤᠨ  ᠲᠠᠯ᠎ᠠ ᠪᠠᠷ  ᠬᠢ  ᠳᠥᠭᠦᠮ‌ᠨᠥ᠋ᠬᠦᠴᠡᠯ ᠵᠢᠴᠢ ᠡᠷᠬᠡ ᠲᠤᠰᠢᠶᠠᠯ᠂ ᠪᠠᠶᠢᠷᠢ ᠰᠠᠭᠤᠷᠢ ᠠᠴᠠ ᠪᠣᠯᠵᠤ ᠪᠦᠷᠢᠯᠳᠦᠭᠰᠡᠨ  ᠳᠥᠭᠦᠮ  ᠨᠥᠬᠦᠴᠡᠯ ᠢᠶᠠᠨ  ᠠᠰᠢᠭᠯᠠᠵᠤ᠂ᠬᠤᠯᠪᠣᠭᠳᠠᠯ ᠪᠦᠬᠦᠢ ᠨᠢᠭᠡᠴᠢ ᠪᠠ ᠬᠤᠪᠢ ᠬᠥᠮᠥᠨ ᠳᠤ ᠲᠥᠷᠥᠯ  ᠵᠦᠢᠯ  ᠳᠠᠭᠠᠭᠠᠴᠢᠯᠠᠬᠤ᠂  ᠪᠡᠯᠡ  ᠣᠷᠣᠭᠤᠯᠤᠨ  ᠡᠵᠡᠩᠨᠡᠬᠦ᠂ᠤᠷᠤᠯᠳᠤᠭᠠᠨ ᠤ ᠶᠠᠪᠤᠳᠠᠯ ᠢ ᠲᠣᠬᠢᠷᠠᠭᠤᠯᠬᠤ ᠵᠡᠷᠭᠡ ᠵᠦᠢᠯᠡᠰ ᠤᠨ  ᠲᠠᠯ᠎ᠠ ᠪᠠᠷ  ᠬᠠᠪᠰᠤᠷᠤᠯᠭ᠎ᠠ  ᠦᠵᠡᠭᠦᠯᠵᠦ᠂  ᠪᠤᠰᠤᠳ ‍ᠤᠨ‌ᠥᠭᠭᠦᠭᠰᠡᠨ ᠵᠣᠭᠤᠰ ᠢ ᠠᠷᠠᠳ ᠤᠨ ᠵᠣᠭᠤᠰ ᠢᠶᠠᠷ ᠨᠤᠭᠤᠯᠤᠨ ᠪᠤᠳᠤᠪᠠᠯ ᠨᠡᠶᠢᠲᠡ 8103 ᠲᠦᠮᠡ ᠭᠠᠷᠤᠢ ᠲᠥᠭᠦᠷᠢᠭ ᠬᠠᠤᠯᠢ‌‍ᠪᠤᠰᠤ ᠪᠠᠷ ᠭᠥᠯᠢᠶᠡᠨ ᠠᠪᠴᠤ᠂ ᠡᠭᠦᠨ ᠳᠤ 400 ᠲᠦᠮᠡᠨ ᠲᠥᠭᠦᠷᠢᠭ ᠢ ᠪᠣᠳᠠᠲᠠᠢ ᠣᠯᠣᠭᠰᠠᠨ ᠦᠭᠡᠢ᠃          ᠬᠤᠸᠠᠩᠱᠢ ᠬᠤᠲᠠ ᠶᠢᠨ ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶ᠎ᠠ ᠶᠢᠨ  ᠦᠵᠡᠬᠦ ᠪᠠᠷ᠂  ᠵᠠᠭᠠᠯᠳᠤᠭᠳᠠᠭᠴᠢ‌‍ᠴᠧᠨ ᠰᠢᠤᠢ ᠶᠤᠸᠠᠨ ᠤ ᠦᠶᠯᠡ ᠠᠵᠢᠯᠯᠠᠭ᠎ᠠ ᠨᠢ ᠠᠪᠯᠢᠭᠠᠯᠠᠭᠰᠠᠨ ᠶᠠᠯ᠎ᠠ ᠪᠣᠯᠵᠤ ᠪᠦᠷᠢᠯᠳᠦᠭᠰᠡᠨ ᠪᠥᠭᠡᠳ ᠲᠤᠭ᠎ᠠ  ᠬᠡᠮᠵᠢᠶ᠎ᠡ  ᠨᠢ‌ᠣᠨᠴᠠᠭᠠᠶ ᠯᠤᠲᠤ  ᠶᠡᠭᠡ  ᠪᠠᠶᠢᠨ᠎ᠠ᠃  ᠲᠡᠷᠡ  ᠳᠤᠮᠳᠠᠳᠤ  ᠤᠯᠤᠰ ᠤᠨ  ᠬᠥᠯ  ᠪᠥᠮᠪᠦᠭᠡ  ᠶᠢᠨ  ᠨᠡᠶᠢᠭᠡᠮᠯᠢᠭ ᠲᠤ  ᠲᠤᠰᠢᠶᠠᠯ‌ᠬᠠᠷᠢᠭᠤᠴᠠᠵᠤ ᠪᠠᠶᠢᠭ᠎ᠠ ᠬᠤᠭᠤᠴᠠᠭᠠᠨ ᠳᠠᠭᠠᠨ ᠬᠥᠯ ᠪᠥᠮᠪᠦᠭᠡ ᠶᠢᠨ ᠣᠯᠠᠨ ᠺᠯᠦ᠋ᠪ ᠪᠣᠯᠣᠨ ᠣᠷᠣᠨ ᠨᠤᠲᠤᠭ ᠤᠨ ᠬᠥᠯ ᠪᠥᠮᠪᠦᠭᠡ‌‍ᠶᠢᠨ ᠨᠡᠶᠢᠭᠡᠮᠯᠢᠭ ᠲᠤ ᠤᠷᠤᠯᠳᠤᠭᠠᠨ ᠤ  ᠲᠣᠬᠢᠷᠠᠭᠤᠯᠤᠯᠲᠠ᠂  ᠬᠤᠯᠪᠣᠭᠠᠲᠤ  ᠤᠷᠤᠯᠳᠤᠭᠠᠨ ᠤ  ᠳᠡᠰ  ᠳᠡᠪᠰᠢᠬᠦ᠂  ᠲᠠᠰᠤᠯᠤᠨ‌‍ᠲ᠋ᠣᠭᠲᠠᠭᠠᠵᠤ ᠲᠣᠷᠭᠠᠬᠤ ᠵᠡᠷᠭᠡ ᠤᠴᠢᠷ ᠶᠠᠪᠤᠳᠠᠯ ᠤᠨ ᠲᠠᠯ᠎ᠠ ᠪᠠᠷ ᠵᠦᠢ ᠪᠤᠰᠤ ᠠᠰᠢᠭ ᠲᠤᠰᠠ ᠣᠯᠵᠤ᠂ ᠬᠥᠯ  ᠪᠥᠮᠪᠦᠭᠡ  ᠵᠢᠨ‌‍ᠬᠦ᠋ᠷᠢᠶᠡᠨ ᠳᠠᠬᠢ ᠭᠤᠣᠯᠴᠢ ᠥᠷᠢᠰᠦᠯᠳᠦᠭᠡᠨ ᠤ ᠡᠮᠬᠢ ᠵᠢᠷᠤᠮ ᠪᠣᠯᠣᠨ  ᠠᠵᠢᠯ  ᠲᠥᠷᠥᠯ ᠤᠨ  ᠠᠮᠢ  ᠠᠬᠤᠢ  ᠶᠢᠨ  ᠣᠷᠴᠢᠨ‌ᠨᠥ᠋ᠬᠦᠴᠡᠯ ᠢ ᠬᠦᠨᠳᠦ ᠨᠣᠴᠢᠲᠠᠢ ᠡᠪᠳᠡᠵᠦ᠂ ᠤᠯᠤᠰ ᠤᠨ ᠬᠥᠯ ᠪᠥᠮᠪᠦᠭᠡ  ᠶᠢᠨ  ᠦᠢᠯᠡᠰ ᠲᠤ  ᠬᠦᠨᠳᠦ  ᠨᠣᠴᠢᠲᠠᠢ  ᠬᠤᠬᠢᠷᠠᠯ‌ᠤᠴᠠᠷᠠᠭᠤᠯᠵᠠᠢ︔᡽ᠪᠤᠰᠤᠳ ᠬᠥᠮᠥᠨ ᠳᠤ ᠲᠤᠰᠢᠶᠠᠯ ᠳᠡᠪᠰᠢᠬᠦ᠂ ᠲᠣᠬᠢᠷᠠᠭᠤᠯᠤᠯᠲᠠ ᠬᠢᠬᠦ ᠲᠠᠯ᠎ᠠ ᠪᠠᠷ ᠬᠠᠪᠰᠤᠷᠴᠤ᠂ ᠪᠠᠶᠢᠳᠠᠯ ᠢ‌ᠨᠢ ᠦᠵᠡᠵᠦ ᠬᠦᠨᠳᠦ ᠪᠠᠷ  ᠰᠢᠢᠳᠬᠡᠬᠦ  ᠦᠢᠯᠡ  ᠪᠠᠶᠢᠳᠠᠯ ᠲᠠᠢ᠃  ᠲᠡᠭᠦᠨ ᠤ  400  ᠲᠦᠮᠡᠨ  ᠲᠥᠭᠦᠷᠢᠭ ᠤᠨ  ᠠᠪᠯᠢᠭ᠎ᠠ‌ᠢᠳᠡᠭᠰᠡᠨ ᠨᠢ ᠲᠠᠲᠠᠮᠠᠭ ᠠᠵᠢᠯᠯᠠᠭ᠎ᠠ ᠪᠣᠯᠬᠤ︔ ᠰᠢᠭᠦᠬᠦ ᠳᠤ ᠭᠠᠷᠤᠭᠰᠠᠨ ᠤ  ᠳᠠᠷᠠᠭ᠎ᠠ  ᠥᠪᠡᠷ ᠤᠨ  ᠶᠠᠯᠠᠲᠤ  ᠠᠵᠢᠯᠯᠠᠭ᠎ᠠ ᠪᠠᠨ‌ᠦᠨᠡᠨ  ᠮᠥᠨ ᠢᠶᠠᠷ  ᠨᠢ  ᠥᠴᠢᠭᠯᠡᠵᠦ᠂  ᠬᠢᠨᠠᠨ  ᠪᠠᠶᠢᠴᠠᠭᠠᠬᠤ  ᠪᠠᠶᠢᠭᠤᠯᠭ᠎ᠠ ᠶᠢᠨ  ᠬᠠᠷᠠᠬᠠᠨ  ᠡᠵᠡᠮᠰᠢᠭᠡ  ᠦᠭᠡᠢ  ᠬᠡᠰᠡᠭ‌ᠠᠪᠯᠢᠭᠠᠯᠠᠭᠰᠠᠨ  ᠶᠠᠯ᠎ᠠ ᠶᠢᠨ  ᠪᠣᠳᠠᠲᠤ  ᠶᠠᠪᠤᠳᠠᠯ ᠢ  ᠰᠠᠨᠠᠭᠠᠴᠢᠯᠠᠭ᠎ᠠ ᠠᠴᠠ ᠪᠠᠨ  ᠲᠤᠰᠢᠶᠠᠭᠰᠠᠨ︔   ᠪᠤᠰᠤᠳ ᠤᠨ   ᠶᠠᠯᠠᠲᠤ‌ᠠᠵᠢᠯᠯᠠᠭ᠎ᠠ ᠶᠢ  ᠢᠯᠡᠴᠢᠯᠡᠵᠦ᠂  ᠪᠠᠶᠢᠴᠠᠭᠠᠨ  ᠲᠣᠳᠣᠯᠠᠭᠠᠳ  ᠦᠨᠡᠨ  ᠪᠣᠳᠠᠲᠠᠢ  ᠤᠴᠢᠷ ᠠᠴᠠ  ᠭᠠᠪᠢᠶ᠎ᠠ   ᠪᠠᠶᠢᠭᠤᠯᠤᠭᠰᠠᠨ‌ᠢᠯᠡᠷᠡᠯ ᠲᠠᠢ︔ ᠶᠠᠯ᠎ᠠ ᠪᠠᠨ ᠮᠡᠳᠡᠷᠡᠵᠦ ᠶᠠᠯ᠎ᠠ ᠳᠠᠭᠠᠨ ᠭᠡᠮᠰᠢᠨ᠂  ᠪᠤᠵᠠᠷ  ᠡᠳ᠋ ᠢᠶᠠᠨ  ᠢᠳᠡᠪᠬᠢᠲᠡᠢ  ᠪᠤᠴᠠᠭᠠᠵᠤ᠂  ᠠᠪᠯᠢᠭᠠᠯᠠᠵᠤ‌ᠣᠯᠣᠭᠰᠠᠨ ᠪᠤᠵᠠᠷ ᠵᠣᠭᠤᠰ ᠢ ᠨᠢᠭᠡᠨᠲᠡ ᠪᠥᠬᠦᠳᠡ ᠶᠢ ᠨᠡᠬᠡᠮᠵᠢᠯᠡᠨ ᠲᠤᠰᠢᠶᠠᠯᠭᠠᠭᠰᠠᠨ  ᠪᠣᠯᠬᠤᠷ  ᠲᠡᠭᠦᠨ ᠢ  ᠬᠠᠤᠯᠢ  ᠶᠣᠰᠣᠭᠠᠷ‌‍ᠬᠥ᠋ᠩᠭᠡᠨ ᠢᠶᠠᠷ ᠰᠢᠢᠳᠬᠡᠵᠦ ᠪᠣᠯᠣᠨ᠎ᠠ᠃ ᠢᠩᠭᠢᠭᠡᠳ ᠰᠢᠭᠦᠬᠦ ᠲᠢᠩᠬᠢᠮ ᠠᠴᠠ ᠳᠡᠭᠡᠷ᠎ᠡ ᠳᠤᠷᠠᠳᠤᠭᠰᠠᠨ  ᠰᠢᠭᠦᠨ  ᠲᠠᠰᠤᠯᠤᠯᠲᠠ ᠵᠢ‌ᠭᠠᠷᠭᠠᠵᠠᠢ᠃
ᠢᠷᠡᠯᠲᠡ᠄ ᠠᠷᠠᠳ ᠤᠨ ᠰᠦᠯᠵᠢᠶ᠎ᠡ