ᠬᠢᠶ᠎ᠠ ᠪᠠᠭᠰᠢ ᠲᠣᠭᠤᠷᠢᠭ ᠪᠥᠬᠦ ᠠᠷᠠᠳ ᠤᠨ ᠠᠯᠪᠠᠨ ᠵᠢᠷᠤᠮ ᠤᠨ ᠮᠣᠳᠣ ᠳᠠᠷᠢᠬᠤ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄
2024/4/10
          4 ᠰᠠᠷ᠎ᠠ ᠶᠢᠨ 9 ᠤ ᠡᠳᠦᠷ᠂ ᠲᠣᠭᠤᠷᠢᠭ ᠤᠨ ᠳᠥᠷᠪᠡᠨ ᠶᠡᠭᠡ ᠤᠳᠤᠷᠢᠳᠬᠤ ᠪᠠᠭ ᠤᠨ ᠤᠳᠤᠷᠢᠳᠤᠯᠭ᠎ᠠ ᠵᠢᠴᠢ ᠺᠠᠲᠠᠷᠴᠤᠤᠳ ᠴᠢᠶᠠᠨ ᠲᠢᠩ ᠱᠠᠨ ᠠᠭᠤᠯᠠ ᠶᠢᠨ ᠲᠦᠮᠡᠨ ᠮᠦ ᠠᠮᠢ ᠠᠬᠤᠶ ᠶᠢᠨ ᠣᠶ ᠳᠤ ᠪᠥᠬᠦ ᠠᠷᠠᠳ ᠤᠨ ᠠᠯᠪᠠᠨ ᠵᠢᠷᠤᠮ ᠤᠨ ᠮᠣᠳᠣ ᠳᠠᠷᠢᠬᠤ ᠠᠵᠢᠯᠯᠠᠭ᠎ᠠ ᠥᠷᠨᠢᠭᠦᠯᠪᠡ᠃          ᠮᠣᠳᠣ ᠲᠠᠷᠢᠬᠤ ᠲᠤᠬᠠᠢ ᠶᠢᠨ ᠲᠠᠯᠠᠪᠠᠢ ᠳᠤ᠂ ᠤᠯᠠᠨ ᠢᠶᠠᠷ ᠢᠶᠠᠨ ᠣᠷᠭᠢᠯᠤᠮ᠎ᠠ ᠬᠠᠯᠠᠭᠤᠨ ᠰᠡᠳᠬᠢᠯᠭᠡ ᠪᠠᠷ ᠪᠢᠯᠬᠠᠵᠤ᠂ ᠬᠦᠷᠵᠡ ᠬᠤᠷᠦ᠋ᠢᠯᠠᠵᠤ ᠰᠢᠷᠣᠢ ᠨᠡᠮᠡᠨ᠂ ᠬᠡᠳᠦᠨ ᠬᠥᠮᠦᠨ ᠨᠢᠭᠡ ᠳᠤᠭᠤᠶᠢᠯᠠᠩ ᠢᠶᠠᠷ ᠡᠮᠬᠢ ᠵᠠᠮᠪᠠᠷᠠᠭ᠎ᠠ ᠲᠠᠢ ᠪᠠᠷ ᠵᠤᠯᠵᠠᠭ᠎ᠠ ᠮᠣᠳᠣ ᠶᠢ ᠲᠠᠷᠢᠵᠤ᠂ ᠬᠦᠷ ᠬᠥᠭᠵᠢᠶᠡᠨ ᠲᠠᠢ ᠪᠠᠶᠢᠳᠠᠯ ᠢᠯᠡᠷᠡᠪᠡ᠃          ᠰᠤᠷᠪᠤᠯᠵᠢᠯᠠᠭᠴᠢ ᠶᠢᠨ ᠣᠶᠢᠯᠭᠠᠭᠰᠠᠨ ᠢᠶᠠᠷ᠂ ᠲᠤᠰ ᠤᠳᠠᠭᠠᠨ ᠤ ᠠᠯᠪᠠᠨ ᠵᠢᠷᠤᠮ ᠤᠨ ᠮᠣᠳᠣ ᠲᠠᠷᠢᠬᠤ ᠭᠠᠵᠠᠷ ᠴᠢᠶᠠᠨ ᠲᠢᠩ ᠱᠠᠨ ᠠᠭᠤᠯᠠ ᠶᠢᠨ ᠲᠦᠮᠡᠨ ᠮᠦ ᠠᠮᠢ ᠠᠬᠤᠶ ᠶᠢᠨ ᠣᠶ ᠶᠢᠨ ᠲᠥᠷᠥᠯ ᠵᠦᠢᠯ ᠤᠨ ᠲᠥᠯᠥᠪᠵᠢᠭᠦᠯᠭᠡ ᠶᠢᠨ ᠲᠠᠯᠠᠪᠠᠢ ᠨᠢ ᠪᠠᠷᠤᠭ 1 ᠲᠦᠮᠡᠨ ᠮᠦ ᠪᠠᠶᠢᠵᠦ᠂ ︽ᠬᠤᠲᠠ ᠶᠢᠨ ᠠᠷᠠᠳ ᠤᠨ ᠰᠤᠯᠠ ᠰᠡᠯᠡᠭᠦᠦ ᠠᠮᠢ ᠠᠬᠤᠢ ᠶᠢᠨ ᠨᠣᠭᠤᠭᠠᠨ ᠬᠥᠷᠥᠰᠥ︾ ᠶᠢᠨ ᠴᠢᠳᠠᠮᠵᠢ ᠶᠢᠨ  ᠪᠠᠶᠢᠷᠢ ᠲᠣᠭᠲᠠᠭᠠᠯᠲᠠ ᠶᠣᠰᠣᠭᠠᠷ᠂ ︽ᠨᠢᠭᠡ ᠨᠢᠷᠤᠭᠤ᠂ ᠵᠢᠷᠭᠤᠭᠠᠨ ᠲᠣᠭᠤᠷᠢᠭ ᠂ ᠨᠠᠢᠮᠠᠨ ᠦᠵᠡᠮᠵᠢ︾ ᠶᠢᠨ ᠶᠡᠷᠦᠩᠬᠡᠢ ᠪᠠᠢᠷᠢᠯᠠᠭᠤᠯᠤᠯᠲᠠ ᠶᠢ ᠪᠠᠢᠭᠤᠯᠵᠤ᠂ ᠬᠢᠶ᠎ᠡ ᠪᠠᠭᠰᠢ ᠶᠢᠨ ᠨᠣᠭᠤᠭᠠᠷᠠᠭᠤᠯᠤᠯᠲᠠ ᠶᠢ ᠪᠠᠶᠠᠯᠢᠭᠵᠢᠭᠤᠯᠣᠭᠰᠠᠨ ᠢᠶᠠᠷ ᠪᠠᠷᠠᠬᠤ ᠦᠭᠡᠢ᠂ ᠨᠡᠩ ᠴᠦ ᠬᠤᠲᠠ ᠶᠢᠨ ᠠᠷᠠᠳ ᠲᠤ ᠨᠢᠭᠡ ᠵᠤᠭ᠎ᠠ ᠴᠡᠩᠭᠡᠯ ᠤᠨ  ᠰᠠᠶᠢᠬᠠᠨ ᠭᠠᠵᠠᠷ ᠬᠠᠩᠭᠠᠭᠰᠠᠨ ᠪᠠᠢᠨ᠎ᠠ᠃
03.jpg
02.jpg
01.jpg
04.jpg
05.jpg
06.jpg
 
ᠢᠷᠡᠯᠲᠡ᠄ ᠲᠣᠰ ᠰᠥᠯᠵᠢᠶ᠎ᠡ