ᠮᠢᠨᠤ ᠠᠪᠤ
ᠨᠡᠶᠢᠲᠡᠯᠡᠭᠰᠡᠨ ᠴᠠᠭ᠄
2024/3/6
       ᠬᠥᠩᠭᠡᠨ ᠮᠠᠰᠢᠨ ᠤ ᠰᠢᠩᠭᠡᠨ ᠲᠣᠭᠤᠰᠣ ᠪᠠᠷ ᠦᠳᠡ ᠶᠢᠨ ᠨᠠᠷᠠ ᠶᠢ ᠤᠭᠳᠤᠵᠤ ᠪᠠᠭᠤᠬᠤ ᠳᠤ ᠲᠣᠯᠣᠭᠠᠨ ᠥᠩᠭᠡ ᠪᠠᠷ ᠡᠮᠵᠢᠶᠡᠷᠢᠯᠡᠭᠰᠡᠨ ᠴᠡᠩᠬᠡᠷ ᠬᠠᠩᠭᠠᠢ ᠵᠡᠭᠡᠷ᠎ᠡ ᠬᠤᠯᠠᠨ ᠤ ᠰᠦᠷᠦᠭᠯᠡᠯ ᠲᠠᠢ ᠨᠡᠶᠢᠯᠡᠭᠡᠳ ᠠᠪᠤ ᠶᠢᠨ ᠮᠢᠨᠢ ᠴᠠᠬᠢᠭᠤᠷ ᠫᠤᠤ ᠲᠠᠢ ᠠᠪᠠᠯᠠᠭᠰᠠᠨ ᠠᠷᠤ ᠶᠢᠨ ᠥᠨᠳᠥᠷ ᠠᠭᠤᠯᠠ ᠮᠥᠩᠬᠦᠨ ᠬᠤᠶᠠᠭ ᠨᠥᠮᠥᠷᠦᠨ ᠲᠠᠶᠢᠪᠤᠩ ᠰᠦᠭᠯᠡᠶᠢᠨ᠎ᠡ᠃ ᠠᠭᠲᠠ ᠶᠢᠨ ᠲᠤᠭᠤᠷᠠᠢ ᠪᠠᠷ ᠲᠠᠮᠠᠭᠠᠯᠠᠭᠰᠠᠨ ᠨᠣᠮᠢᠨ ᠲᠠᠯ᠎ᠠ ᠶᠢᠨ ᠲᠤᠮᠳᠠᠭᠤᠷ ᠷᠠᠰᠢᠶᠠᠨ ᠭᠤᠣᠯ ᠠᠪᠤ ᠶᠢᠨ ᠮᠢᠨᠢ ᠨᠢᠭᠤᠴᠠᠬᠠᠨ ᠬᠠᠶᠢᠷ᠎ᠠ ᠲᠠᠢ ᠤᠶᠠᠰᠤᠨ ᠬᠤᠯᠠ ᠶᠢᠨ ᠬᠤᠯᠠ ᠤᠭᠠᠯᠵᠠᠯᠠᠨ ᠠᠶᠠᠷᠯᠠᠨ᠎ᠠ᠃       ᠬᠠᠴᠠᠷ ᠢᠯᠪᠢᠨ ᠠᠷᠭᠠᠳᠠᠬᠤ ᠵᠦᠭᠡᠯᠡᠨ ᠬᠤᠩᠭᠤᠷ ᠰᠠᠯᠬᠢ ᠠᠳᠤᠭᠤᠨ ᠤ ᠪᠡᠯᠴᠢᠭᠡᠷ ᠲᠤ ᠬᠥᠯᠥᠭ ᠤᠨ ᠨᠢᠷᠤᠭᠤᠨ ᠲᠡᠭᠡᠷ᠎ᠡ ᠢᠰᠬᠡᠷᠴᠦ᠂ ᠬᠦᠳᠡᠭᠡ ᠶᠢᠨ ᠲᠣᠭᠤᠰᠣ ᠶᠢ ᠡᠪᠬᠡᠵᠦ ᠶᠠᠪᠤᠳᠠᠭ ᠠᠪᠤ ᠶᠢᠨ ᠮᠢᠨᠢ ᠡᠷ᠎ᠡ ᠴᠡᠩᠭᠡᠯ ᠲᠠᠭᠤ ᠶᠢ ᠦᠪᠡᠷ ᠤᠨ ᠡᠷᠬᠡ ᠦᠭᠡᠢ ᠰᠠᠨᠠᠭᠳᠠᠭᠤᠯᠤᠨ᠂ ᠠᠷᠤ ᠶᠢᠨ ᠦᠨᠳᠤᠷ ᠬᠠᠶᠢᠷᠬᠠᠨ ᠰᠢᠬ ᠬᠠᠩᠬᠠᠭᠠᠷ ᠨᠢᠷᠤᠭᠤᠨ ᠳᠤᠨᠢ ᠨᠦᠢᠷᠮᠣᠭᠯᠠᠵᠤ᠂ ᠠᠩᠭᠠᠷᠬᠠᠢ ᠥᠮᠥᠳᠦ ᠲᠠᠢ ᠠᠯᠢᠶᠠᠯᠠᠵᠤ ᠶᠠᠪᠤᠭᠰᠠᠨ ᠪᠣᠳᠣᠯ ᠤᠨ ᠬᠤᠩᠭᠤᠷ ᠲᠤᠷᠠᠰᠤᠮᠵᠢ ᠶᠢ ᠲᠣᠳᠣᠷᠠᠭᠤᠯᠤᠨ᠎ᠠ᠃       ᠠᠪᠤ ᠮᠢᠨᠢ ᠢᠰᠡᠭᠡᠢ ᠭᠤᠳᠣᠯ ᠤᠨ ᠤᠯᠡ ᠪᠠᠷ ᠣᠲᠣᠷ ᠤᠨ ᠪᠡᠯᠴᠢᠭᠡᠷ ᠢ ᠳᠠᠮᠠᠭᠠᠯᠠᠵᠤ ᠶᠠᠪᠤᠬᠤ ᠳᠠᠭᠠᠨ ᠬᠠᠭᠢᠷ ᠬᠦᠢᠲᠡᠨ ᠠᠴᠠ ᠬᠠᠯᠠᠰᠢᠷᠠᠭᠰᠠᠨ ᠦᠭᠡᠢ᠂ ᠬᠠᠯᠠᠭᠤᠨ ᠨᠠᠷᠠᠨ ᠠᠴᠠ ᠵᠢᠷᠦᠭᠡᠰᠢᠶᠡᠭᠰᠡᠨ ᠦᠭᠡᠢ᠂ ᠥᠭᠡ ᠦᠭᠡᠢ ᠬᠠᠳᠠᠭᠤᠬᠠᠨ ᠬᠠᠶᠢᠷ᠎ᠠ ᠪᠠᠷ ᠢᠶᠠᠨ ᠠᠷᠤ ᠭᠡᠷ ᠤᠨ ᠢᠶᠠᠨ ᠠᠵᠢᠯ ᠠᠮᠢᠳᠤᠷᠠᠯ ᠤᠨ ᠢᠶᠠᠨ ᠲᠦᠯᠦᠭᠡ ᠵᠢᠳᠭᠦᠵᠤ᠂ ᠰᠠᠨᠴᠢᠭ ᠲᠤᠨᠢ ᠬᠢᠷᠠᠭᠤ ᠪᠠᠭᠤᠵᠤ᠂ ᠲᠡᠩᠭᠡᠭᠡ ᠮᠠᠭᠤᠳᠠᠵᠤ ᠲᠠᠮᠢᠷ ᠲᠣᠷᠦ᠋ᠢᠳᠠᠭᠰᠠᠨ ᠢ ᠴᠢᠨᠢ ᠲᠠᠩᠴᠣ ᠲᠤᠮᠤᠭ᠎ᠠ ᠦᠬᠡᠢ ᠶᠠᠪᠤᠭᠰᠠᠨ ᠦᠷ᠎ᠡ ᠴᠢᠨᠢ ᠠᠨᠵᠢᠶᠠᠷᠠᠭᠰᠠᠨ ᠦᠭᠡᠢ ᠶᠢ ᠶᠠᠭᠠᠬᠢᠯᠲᠠᠢ ᠪᠢᠯᠡ᠃       ᠭᠤᠨᠠᠨ ᠦᠭᠡᠷ ᠤᠨ ᠡᠪᠡᠷ ᠬᠠᠭ᠎ᠠ ᠭᠥᠯᠳᠡᠮᠡᠷ ᠭᠤᠷᠪᠠ ᠶᠢᠰᠤ ᠶᠢᠨ ᠬᠦᠢᠳᠡᠨ ᠳᠤ ᠪᠠᠷᠢᠭᠠᠳᠠ ᠶᠢᠨ ᠵᠢᠩ ᠤᠨ ᠲᠡᠮᠡᠭᠡᠨ ᠤ ᠠᠴᠢᠶ᠎ᠠ ᠬᠦᠷ ᠴᠠᠰᠤᠨ ᠳᠤ ᠪᠤᠭᠤᠭᠳᠠᠭᠠᠳ ᠭᠠᠷᠴᠤ ᠴᠢᠳᠠᠬᠤ ᠦᠬᠡᠢ ᠪᠣᠯᠬᠤᠷ ᠠᠪᠤ ᠮᠢᠨᠢ ᠬᠤᠭᠤᠯᠠ ᠬᠦᠨᠡᠰᠤ ᠦᠭᠡᠢ ᠲᠣᠯᠤᠭ᠎ᠠ ᠬᠤᠨᠣᠭᠰᠠᠨ ᠰᠤᠷᠭᠠᠭᠤᠯᠢ ᠶᠢᠨ ᠬᠡᠦᠭᠡᠳ ᠤᠳ ᠲᠤ ᠬᠦᠨᠡᠰᠦ᠂ ᠡᠪᠣᠯ ᠤᠨ ᠬᠤᠪᠴᠠᠰᠤ ᠶᠢ ᠨᠢ ᠵᠠᠯᠭᠠᠭᠤᠯᠬᠤ ᠪᠠᠷ ᠵᠠᠭᠤᠭᠠᠳ ᠰᠤᠮᠠᠯ ᠲᠠᠢ ᠬᠥᠨᠡᠰᠤ ᠶᠢ ᠨᠢᠭᠡ ᠨᠢᠭᠡ ᠰᠤᠮᠠᠯ ᠢᠶᠠᠷ ᠨᠢ ᠡᠭᠦᠷᠴᠤ ᠬᠦᠷᠭᠡᠬᠦ ᠳᠡᠭᠡᠨ ᠬᠠᠳᠠ ᠲᠠᠢ ᠴᠡᠩᠭᠡᠷ ᠬᠠᠯᠳᠣᠷᠢᠭ᠎ᠠ ᠲᠠᠢ ᠵᠠᠮ ᠢᠶᠠᠷ ᠠᠷᠠᠯ ᠤᠨ ᠱᠠᠷ ᠰᠢᠭ᠋ ᠵᠢᠳᠭᠦᠵᠤ ᠶᠠᠪᠤᠬᠤ ᠳᠠᠭᠠᠨ ᠶᠠᠳᠠᠷᠠᠯ᠎ᠠ ᠭᠡᠰᠡᠨ ᠦᠬᠡ ᠶᠢ ᠬᠡᠨ ᠳᠤ ᠴᠦ ᠴᠤᠬᠤᠶᠢᠯᠭᠠᠭᠰᠠᠨ ᠦᠭᠡᠢ᠃ ᠨᠡᠩ ᠴᠤ ᠤᠨᠤᠭ᠎ᠠ ᠪᠠᠷ ᠡᠳᠤᠷ ᠤᠨ ᠭᠠᠵᠠᠷ ᠶᠠᠪᠤᠳᠠᠭ ᠵᠠᠮ ᠢᠶᠠᠷ ᠬᠦᠨᠡᠰᠤ ᠡᠭᠦᠷᠴᠤ ᠬᠦᠯᠦᠰᠤ ᠪᠠᠨ ᠤᠷᠤᠰᠬᠠᠵᠤ ᠶᠠᠪᠤᠬᠤ ᠳᠠᠭᠠᠨ ᠠᠷᠠᠳ ᠲᠦᠮᠡᠨ ᠤ ᠬᠡᠦᠭᠡᠳ ᠢ ᠨᠢᠭᠡ ᠡᠳᠤᠷ ᠴᠤ ᠦᠯᠦᠰᠭᠡᠵᠦ ᠲᠠᠭᠠᠷᠠᠭᠤᠯᠬᠤ ᠦᠭᠡᠢ ᠰᠡᠳᠭᠢᠯ ᠠᠮᠤᠷ ᠰᠣᠷᠣᠯᠴᠠᠭᠤᠯᠬᠤ ᠶᠢᠨ ᠲᠦᠯᠦᠭᠡ ᠵᠠᠮ ᠤᠨ ᠬᠤᠯᠠ ᠶᠢ ᠬᠤᠯᠠ ᠭᠡᠵᠤ ᠭᠡᠯᠡᠭᠡ ᠦᠭᠡᠢ᠂ ᠬᠦᠴᠢᠷ ᠤᠨ ᠡᠮᠦᠨ᠎ᠡ ᠡᠪᠦᠳᠦᠭ ᠨᠤᠭᠤᠷᠠᠭ᠎ᠠ ᠦᠭᠡᠢ᠂ ᠪᠡᠷᠭᠡᠰᠢᠶᠠᠯ ᠤᠨ ᠡᠮᠦᠨ᠎ᠡ ᠲᠣᠯᠣᠭᠠᠢ ᠪᠦᠬᠦ᠋ᠢᠭᠡ ᠦᠭᠡᠢ᠂ ᠢᠰᠡᠭᠡᠢ ᠬᠡᠶᠢᠯᠢᠭ ᠤᠨ ᠮᠥᠷᠦ ᠨᠢ ᠬᠠᠭᠠᠷᠠᠲᠠᠯ᠎ᠠ᠂ ᠪᠤᠯᠢᠭᠠᠷᠢ ᠭᠤᠳᠣᠯ ᠤᠨ ᠤᠯᠠ ᠴᠣᠭᠤᠷᠠᠲᠠᠯ᠎ᠠ ᠡᠬᠦᠷᠴᠤ᠂ ᠣᠳᠣᠳ ᠤᠨ ᠬᠡᠷᠡᠯ ᠢᠶᠠᠷ ᠵᠣᠯᠠ ᠪᠣᠯᠭᠠᠵᠤ ᠴᠠᠰᠤᠨ ᠤ ᠴᠠᠮᠬᠠᠭ ᠢᠶᠠᠷ ᠤᠮᠳᠠ ᠪᠤᠯᠭᠠᠨ ᠵᠢᠳᠭᠦᠵᠤ ᠡᠳᠤᠷ ᠰᠦᠨᠢ ᠭᠤᠷᠪᠠ ᠪᠣᠯᠬᠤ ᠳᠤ ᠪᠡᠶ᠎ᠡ ᠨᠢ ᠲᠠᠮᠢᠷᠳᠠᠵᠤ ᠬᠠᠯᠠᠭᠤᠷᠠᠭᠠᠳ ᠠᠭᠤᠰᠬᠢᠨ ᠳᠤᠨᠢ ᠠᠷᠬᠠᠭ ᠰᠠᠭᠤᠭᠰᠠᠨ ᠢ ᠭᠡᠨ ᠳᠤ ᠴᠤ ᠬᠡᠯᠡᠯ ᠦᠭᠡᠢ᠂ ᠪᠡᠶ᠎ᠡ ᠪᠠᠷ ᠢᠶᠠᠨ ᠠᠵᠢᠯ ᠤᠨ ᠬᠠᠲᠠᠭᠤ ᠶᠢ ᠲᠤᠭᠤᠯᠵᠤ ᠢᠷᠡᠭᠰᠡᠨ ᠪᠠᠶᠢᠵᠠᠢ᠃       ᠤᠷᠢᠬᠠᠨ ᠬᠠᠪᠤᠷ ᠤᠨ ᠰᠠᠯᠬᠢ ᠲᠠᠯ᠎ᠠ ᠨᠤᠳᠤᠭ ᠲᠤ ᠰᠠᠭᠠᠲᠠᠵᠤ᠂ ᠤᠰᠤᠨ ᠤ ᠰᠢᠪᠠᠭᠤᠳ ᠨᠠᠭᠤᠷ ᠲᠠᠭᠠᠨ ᠪᠤᠴᠠᠬᠤ ᠳᠤ ᠵᠠᠮ ᠪᠥᠭᠯᠡᠵᠦ ᠠᠭᠤᠯᠠ ᠬᠠᠰᠢᠭᠰᠠᠨ ᠴᠠᠰᠤ ᠬᠠᠶᠢᠯᠵᠤ᠂ ᠬᠠᠶᠢᠯ ᠤᠨ ᠤᠰᠤ ᠬᠤᠷᠴᠢᠬᠢᠨᠠᠨ᠂ ᠴᠠᠭᠢᠯᠳᠠᠭ ᠤᠨ ᠥᠩᠭᠡ ᠨᠣᠮᠢᠨᠳᠠᠬᠤ ᠳᠤ ᠰᠤᠷᠭᠠᠭᠤᠯᠢ ᠴᠢᠯᠦᠭᠡ ᠲᠠᠯᠪᠢᠵᠤ ᠭᠡᠦᠭᠡᠳ ᠤᠳ ᠭᠡᠷ ᠭᠡᠷ ᠲᠡᠭᠡᠨ ᠬᠠᠷᠢᠵᠠᠭᠠᠯ᠎ᠠ᠃ ᠤᠷᠢᠨ ᠲᠤᠯᠠᠭᠠᠨ ᠪᠣᠯᠵᠤ ᠢᠰᠡᠭᠡᠢ ᠦᠷᠬᠦᠭᠡ ᠶᠢᠨ ᠳᠡᠭᠡᠪᠦᠷ ᠲᠤᠭᠤᠷᠭ᠎ᠠ ᠳᠤ ᠬᠠᠪᠤᠷ ᠬᠡᠦᠬᠡᠨ ᠪᠠᠶᠠᠰᠤᠯ ᠠᠶᠠᠯᠠᠨ ᠰᠠᠭᠠᠲᠠᠬᠤ ᠳᠤ ᠠᠪᠤ ᠮᠢᠨᠢ ᠴᠠᠯᠮ᠎ᠠ ᠶᠢᠨ ᠲᠡᠭᠡᠰᠤ ᠪᠠᠨ ᠭᠠᠨᠵᠤᠭᠠᠯᠠᠭᠠᠳ ᠮᠣᠷᠳᠠᠳᠠᠭ ᠰᠠᠯᠬᠢᠨ ᠰᠢᠷᠭ᠎ᠠ ᠶᠢᠨ ᠢᠶᠠᠨ ᠪᠣᠯᠢᠭᠠᠷᠢ ᠡᠮᠡᠭᠡᠯ ᠤᠨ ᠵᠡᠰ ᠳᠥᠷᠥᠭᠡ ᠳᠤ ᠬᠥᠯ ᠨᠢ ᠬᠦᠷᠬᠦ ᠪᠠᠨ ᠪᠠᠶᠢᠴᠢᠬᠠᠭᠰᠠᠨ ᠪᠠᠶᠢᠯ᠎ᠠ᠃ ᠡᠨᠡ ᠦᠶ᠎ᠡ ᠠᠴᠠ ᠡᠬᠢᠯᠡᠭᠡᠳ ᠠᠪᠤ ᠮᠢᠨᠢ ᠪᠠᠶᠢᠨ ᠪᠠᠶᠢᠨ ᠣᠭᠰᠢᠭᠤᠯᠤᠨ ᠬᠠᠨᠢᠶᠠᠵᠤ᠂ ᠢᠰᠡᠭᠡᠢ ᠦᠷᠬᠦᠭᠡ ᠶᠢᠨ ᠬᠠᠶᠠᠭ᠎ᠠ ᠶᠢ ᠲᠦᠰᠢᠵᠦ ᠠᠳᠤᠭᠤᠨ ᠤ ᠪᠡᠯᠴᠢᠭᠡᠷ᠂ ᠣᠳᠣᠷ ᠤᠨ ᠲᠠᠯ᠎ᠠ ᠪᠠᠨ ᠪᠠᠷᠠᠯᠠᠭᠠᠳ ᠪᠠᠶᠢᠨ ᠳᠠᠬᠢᠨ ᠤᠷᠲᠤ ᠰᠡᠬᠦᠷᠡᠰᠣ ᠠᠯᠳᠠᠬᠤ ᠪᠤᠯᠵᠠᠢ᠃ ᠲᠡᠭᠡᠭᠡᠳ ᠯᠠ ᠠᠪᠤ ᠮᠢᠨᠢ ᠣᠨ ᠵᠢᠯ ᠤᠨ ᠬᠠᠳᠠᠭᠤ ᠠᠮᠢᠳᠤᠷᠠᠯ ᠠᠴᠠ ᠬᠤᠷᠠᠮᠳᠣᠭᠤᠯᠵᠣ ᠢᠷᠡᠭᠰᠡᠨ ᠶᠢᠷᠳᠢᠨᠴᠣ ᠶᠢᠨ ᠠᠯᠢᠪᠠ ᠪᠦᠬᠦᠨ ᠤ ᠨᠢᠭᠤᠴᠠᠬᠠᠨ ᠲᠤᠷᠰᠢᠯᠭ᠎ᠠ ᠪᠠᠨ ᠦᠭᠡ ᠦᠭᠡᠢ ᠢᠨᠢᠶᠠᠮᠰᠣᠭ᠍ᠯᠡᠭᠰᠡᠨ ᠬᠠᠷᠠᠴᠠ ᠪᠠᠷ ᠢᠶᠠᠨ ᠲᠠᠪᠡᠨᠡ ᠰᠦᠪᠡᠯᠡᠬᠦ ᠠᠴᠠ ᠲᠡᠩᠨᠡᠭᠡ ᠠᠴᠢᠶ᠎ᠠ ᠬᠦᠷᠳᠡᠯ᠎ᠡ ᠵᠡᠬᠦᠦ ᠶᠢᠨ ᠰᠦᠪᠡ ᠦᠭᠡᠢ ᠲᠠᠶᠢᠯᠪᠤᠷᠢᠯᠠᠵᠤ᠂ ᠦᠷ᠎ᠡ ᠨᠠᠳᠠ ᠳᠠᠭᠠᠨ ᠵᠢᠭᠠᠵᠤ ᠪᠢᠯᠡ᠃       ᠨᠠᠷᠠ ᠰᠠᠷᠠ ᠨᠢᠭᠤᠷᠳᠠᠨ ᠵᠣᠯᠭᠠᠭᠰᠠᠨ ᠨᠢᠭᠡᠨ ᠦᠷᠯᠦᠭᠡ ᠠᠪᠤ ᠮᠢᠨᠢ ᠦᠤᠷ ᠤᠨ ᠴᠣᠯᠮᠣᠨ ᠲᠠᠢ ᠵᠡᠷᠭᠡᠴᠡᠨ ᠪᠣᠰᠣᠭᠠᠳ ᠡᠳᠣᠷ ᠤᠨ ᠠᠵᠢᠯ ᠢᠶᠠᠨ ᠡᠬᠢᠯᠡᠭᠦᠯᠳᠡᠭ ᠪᠠᠶᠢᠭᠰᠠᠨ ᠨᠢ ᠬᠠᠷᠢᠨ ᠡᠨᠡ ᠦᠷᠯᠦᠭᠡ ᠨᠠᠷᠠ ᠢᠰᠡᠭᠡᠢ ᠦᠷᠭᠦᠭᠡ ᠶᠢᠨ ᠲᠣᠭᠤᠨᠣ ᠶᠢ ᠲᠠᠭᠠᠯᠠᠭᠰᠠᠨ ᠪᠠᠶᠢᠳᠠᠯ᠎ᠠ ᠪᠠᠰᠠ ᠯᠠ ᠪᠣᠰᠤᠭ᠎ᠠ ᠦᠭᠡᠢ ᠪᠠᠶᠢᠯ᠎ᠠ᠃       — ᠠᠪᠤ ᠡ ᠭᠡᠰᠡᠨ ᠠᠬ᠎ᠠ ᠲᠡᠭᠦᠦ ᠠᠷᠪᠠ ᠶᠢᠨ ᠴᠡᠴᠡᠷᠬᠢᠯᠡᠭᠰᠡᠨ ᠲᠠᠭᠤ ᠳᠤ ᠢᠰᠡᠭᠡᠢ ᠦᠷᠭᠦᠭᠡ ᠳᠦᠷᠭᠢᠵᠦ᠄       — ᠪᠤᠰᠤᠭᠠᠴᠢ ᠡ ᠭᠡᠰᠡᠨ ᠲᠠᠭᠤ ᠨᠢᠯᠪᠤᠰᠤᠨ ᠳᠣᠰᠣᠯ ᠢᠶᠠᠷ ᠣᠬᠢᠶᠠᠭᠳᠠᠵᠤ᠂ ᠠᠳᠤᠭᠤ ᠢᠨᠴᠠᠭᠠᠭᠰᠠᠨ ᠣᠳᠣᠷ ᠤᠨ ᠲᠠᠯ᠎ᠠ ᠬᠤᠭᠤᠰᠣᠨ ᠬᠦᠩᠬᠦ᠋ᠢᠨ᠂ ᠵᠡᠭᠡᠷ᠎ᠡ ᠲᠣᠭᠯᠠᠭᠰᠠᠨ ᠨᠣᠮᠢᠨ ᠬᠠᠶᠢᠷᠬᠠᠨ ᠲᠣᠭᠤᠶᠢᠬᠠᠨ ᠰᠦᠭᠯᠡᠶᠢᠭᠡᠳ ᠴᠠᠭᠢᠭᠤᠷ ᠫᠣᠣ ᠲᠠᠢ ᠠᠪᠠᠯᠠᠳᠠᠭ ᠴᠠᠩᠬᠢᠷ᠎ᠠ ᠶᠢᠨ ᠤᠷᠤᠢ ᠪᠠᠷ ᠬᠦᠷᠡᠩ ᠡᠷᠢᠶᠡᠨ ᠪᠦᠷᠭᠦᠳ ᠬᠠᠯᠢᠨ ᠡᠷᠭᠢᠯᠳᠦᠵᠤ ᠪᠠᠶᠢᠯ᠎ᠠ᠃                     
ᠢᠷᠡᠯᠲᠡ᠄ ᠣᠷᠳᠣᠰ ᠮᠣᠩᠭᠤᠯ ᠰᠦᠯᠵᠢᠶ᠎ᠡ