ᠮᠠᠯᠴᠢᠨ ᠲᠦᠮᠡᠨ ᠤ ᠨᠤᠮ ᠤᠨ ᠦᠷᠦᠬᠡ — ᠬᠦᠬᠡ ᠤᠴᠢ ᠨᠤᠮ ᠤᠨ ᠦᠷᠦᠬᠡ
ᠨᠡᠶᠢᠲᠡᠯᠡᠭᠰᠡᠨ ᠴᠠᠭ᠄
2024/3/28
        ᠮᠤᠩᠭᠤᠯᠴᠤᠳ ᠡᠷᠳᠡ  ᠲᠡᠭᠡᠳᠦ  ᠠᠴᠠ  ᠪᠠᠨ  ᠠᠪᠤᠭᠠᠳ  ᠦᠪᠡᠷ  ᠢᠶᠠᠨ  ᠤᠷᠠᠩᠬᠠᠢ᠂  ᠨᠦᠬᠦᠭᠡᠰᠦᠳᠡᠢ  ᠲᠡᠪᠡᠯ ᠡᠬᠡᠯᠳᠦᠷᠬᠡᠯᠡᠬᠦ ᠮᠦᠷᠳᠡᠯ᠎ᠡ ᠪᠠᠨ ᠬᠡᠷ  ᠲᠡᠭᠡᠨ ᠪᠠᠶᠢᠬᠤ ᠨᠤᠮ ᠰᠤᠳᠤᠷ ᠢᠶᠠᠨ ᠲᠤᠷᠭ᠎ᠠ ᠬᠤᠷᠭᠤᠢ ᠪᠠᠷ ᠪᠠᠷᠢᠨᠳᠠᠬᠯᠠᠨ  ᠲᠡᠭᠡᠳᠦᠯᠡᠳᠡᠭ ᠰᠤᠳᠤᠷ ᠨᠤᠮ ᠤᠨ ᠦᠨᠳᠦᠷ ᠰᠤᠶᠤᠯ ᠲᠠᠢ ᠪᠢᠯᠡ᠃ ᠢᠨᠲ᠋ᠧᠷ ᠰᠦᠯᠵᠢᠶ᠎ᠡ᠂ ᠭᠠᠷ  ᠤᠳᠠᠰᠦ  ᠦᠷᠭᠡᠨ  ᠢᠶᠠᠷ  ᠲᠦᠬᠡᠮᠡᠯᠵᠢᠭᠰᠡᠨ ᠠᠴᠠ ᠬᠤᠳᠠ ᠬᠦᠳᠡᠭᠡ ᠶᠢᠨ ᠬᠦᠭᠰᠢᠨ ᠵᠠᠯᠠᠭᠤ ᠬᠡᠰᠡᠨ ᠦᠬᠡᠢ ᠨᠤᠮ ᠪᠢᠴᠢᠭ ᠠᠴᠠ ᠪᠠᠨ ᠵᠠᠶᠢᠳᠠᠬᠰᠠᠨ ᠦᠨᠦᠳᠦᠷ ᠨᠤᠮ ᠪᠢᠴᠢᠭ ᠢᠶᠠᠨ ᠲᠡᠭᠡᠳᠦᠯᠡᠵᠦ ᠬᠦᠨᠳᠦᠳᠬᠡᠵᠦ ᠶᠠᠪᠤᠭ᠎ᠠ ᠨᠢᠬᠡᠨ ᠪᠤᠯ ᠬᠢᠩᠭᠠᠨ  ᠠᠶᠢᠮᠠᠭ ᠤᠨ ᠬᠤᠷᠴᠢᠨ  ᠪᠠᠷᠠᠭᠤᠨ  ᠭᠠᠷᠦᠨ  ᠡᠮᠦᠨᠡᠳᠤ ᠬᠤᠰᠢᠭᠤᠨ ᠤ ᠤᠯᠠᠭᠠᠨᠮᠤᠳᠤ ᠰᠤᠮᠤ ᠶᠢᠨ ᠦᠪᠦᠷᠵᠢᠯᠠᠭ᠎ᠠ ᠭᠠᠴᠠᠭᠠᠨ ᠤ ᠠᠬᠠᠮᠠᠳ  ᠪᠠᠭᠰᠢ ᠪᠦᠬᠡᠪᠠᠶᠠᠷ ᠪᠤᠯᠤᠨ᠎ᠠ᠃         ᠪᠦᠬᠡᠪᠡᠶᠠᠷ 1985 ᠤᠨ ᠳᠤ ᠤᠯᠠᠭᠠᠨᠮᠤᠳᠤ ᠪᠠᠭ᠎ᠠ ᠰᠤᠷᠭᠠᠭᠤᠯᠢ ᠳᠤ ᠠᠵᠢᠯ ᠤᠨ ᠭᠠᠷᠤᠭ᠎ᠠ ᠪᠠᠨ ᠠᠪᠴᠦ᠂ ᠪᠠᠭᠰᠢ‌ᠵᠢᠨ ᠠᠵᠢᠯ ᠬᠢᠭᠡᠳ ᠨᠢᠬᠡᠨᠳᠡ ᠭᠤᠴᠢᠭᠠᠳ ᠵᠢᠯ ᠤᠨ ᠨᠢᠭᠤᠷ ᠢ ᠦᠵᠡᠵᠡᠢ᠃ ᠲᠡᠷᠡ ᠤᠤᠯ  ᠠᠴᠠ  ᠪᠠᠨ  ᠨᠤᠮ  ᠪᠢᠴᠢᠭ  ᠲᠤ ᠲᠤᠷᠠᠳᠠᠢ ᠪᠠᠭ᠋ᠠᠳᠠᠢ ᠪᠠᠶᠢᠳᠠᠭ ᠤᠨ  ᠤᠴᠢᠷ  ᠠᠴᠠ  ᠨᠠᠰᠦᠨ  ᠲᠤᠷᠰᠢᠳᠠ  ᠪᠠᠨ  ᠰᠤᠷᠤᠯᠴᠠᠬᠤ  ᠵᠤᠷᠢᠭ  ᠢᠶᠠᠷ  ᠤᠯᠠᠨ  ᠨᠤᠮ‌ᠬᠤᠷᠠᠮᠳᠤᠭᠤᠯᠤᠨ ᠤᠩᠰᠢᠳᠠᠭ ᠪᠠᠶᠢᠵᠠᠢ᠃ ᠲᠡᠷᠡ 2010 ᠤᠨ ᠳᠤ ᠲᠡᠷᠬᠡᠨ ᠡ᠊ᠨᠳᠡᠯ ᠠᠴᠠ ᠪᠤᠯᠵᠦ᠂ ᠬᠢᠴᠢᠶᠡᠯ ᠤᠨ  ᠲᠠᠶᠢᠰᠠ‌‍ᠲ᠋ᠡᠭᠡᠷ᠎ᠡ ᠬᠢᠴᠢᠶᠡᠯ ᠵᠢᠭᠠᠵᠦ ᠲᠠᠶᠢᠯᠬᠦ ᠪᠠᠨ ᠪᠤᠯᠢᠬᠰᠠᠨ ᠴᠤ ᠪᠤᠰᠤᠳ ᠶᠠᠮᠠᠷ ᠨᠢᠬᠡ ᠠᠷᠭ᠎ᠠ ᠪᠠᠷ ᠰᠤᠷᠤᠬᠴᠢ᠂ ᠤᠯᠠᠨ ᠲᠦᠮᠡᠨ ᠢᠶᠠᠨ ᠨᠤᠮ ᠪᠢᠴᠢᠭ ᠲᠠᠢ ᠤᠶᠢᠷᠠᠳᠤᠭᠤᠯᠬᠤ ᠪᠢᠯᠡ ᠬᠡᠵᠦ ᠵᠦᠩᠳᠡᠬᠡᠨ ᠪᠤᠳᠤᠵᠦ᠂ ᠴᠢᠪ ᠤᠨ ᠰᠡᠬᠦᠯ ᠳᠤ ᠮᠠᠯᠵᠢᠬᠤ ᠤᠷᠤᠨ ᠤ  ᠤᠯᠠᠨ ᠲᠦᠮᠡᠨ ᠳᠤ ᠨᠤᠮ ᠪᠢᠴᠢᠭ ᠤᠩᠰᠢᠬᠤ ᠲᠡᠪᠴᠡᠩ ᠬᠠᠩᠭᠠᠵᠦ᠂ ᠨᠤᠮ ᠤᠨ ᠦᠷᠦᠬᠡ ᠪᠠᠶᠢᠭᠤᠯᠬᠤ ᠪᠠᠷ ᠵᠤᠷᠢᠭ ᠰᠢᠭᠤᠳᠴᠠᠢ᠃        2019 ᠤᠨ ᠤ 1 ᠰᠠᠷ᠎ᠠ ᠳᠤ᠂ ᠨᠡᠶᠢᠬᠡᠮ ᠤᠨ ᠡᠯ᠎ᠡ ᠡᠳᠡᠭᠡᠳ ᠤᠨ ᠬᠠᠯᠠᠭᠤᠨ ᠲᠡᠮᠵᠢᠯᠬᠡ  ᠲᠤᠤᠷ᠎ᠠ᠂  ᠪᠦᠬᠡᠪᠠᠶᠠᠷ ᠪᠠᠭᠰᠢ ᠬᠡᠷ ᠤᠨ ᠢᠶᠠᠨ ᠭᠠᠳᠠᠨ᠎ᠠ ᠪᠤᠰᠬᠠᠬᠰᠠᠨ ᠲᠤᠮᠤ ᠮᠤᠩᠭᠤᠯ ᠬᠡᠷ ᠲᠡᠭᠡᠨ ︽ᠬᠦᠬᠡ  ᠤᠴᠢ  ᠨᠤᠮ  ᠤᠨ  ᠦᠷᠦᠬᠡ︾  ᠪᠠᠨ‌ᠵᠢᠩᠬᠢᠨᠢ ᠪᠠᠷ ᠪᠠᠶᠢᠭᠤᠯᠤᠬᠰᠠᠨ ᠪᠠᠶᠢᠨ᠎ᠠ᠃ ᠨᠤᠮ ᠤᠨ ᠦᠷᠦᠬᠡᠨ ᠳᠤ ᠲᠡᠬᠦᠨ ᠤ ᠤᠤᠯ  ᠤᠨ  ᠬᠠᠳᠠᠭᠠᠯᠠᠵᠦ  ᠴᠤᠬᠯᠠᠭᠤᠯᠤᠬᠰᠠᠨ‌ᠨᠤᠮ ᠠᠴᠠ ᠭᠠᠳᠠᠨ᠎ᠠ᠂ ᠦᠪᠦᠷ ᠮᠤᠩᠭᠤᠯ ᠤᠨ ᠨᠤᠮ ᠤᠨ ᠰᠠᠩ᠂ ᠠᠶᠢᠮᠠᠭ ᠤᠨ ᠨᠤᠮ ᠤᠨ ᠰᠠᠩ᠂ ᠬᠤᠰᠢᠭᠤᠨ  ᠤ  ᠨᠤᠮ  ‍ᠤᠨ‌‍ᠰᠠᠩ᠂ ᠬᠠᠯᠠᠭᠤᠨ ᠰᠡᠳᠬᠢᠯᠳᠤ ᠮᠠᠯᠴᠢᠳ ᠪᠠ ᠤᠯᠠᠭᠠᠨᠮᠤᠳᠤ ᠲᠤᠮᠳᠠᠳᠤ ᠰᠤᠷᠭᠠᠭᠤᠯᠢ᠂ ᠤᠯᠠᠭᠠᠨᠮᠤᠳᠤ ᠪᠠᠭ᠎ᠠ ᠰᠤᠷᠭᠠᠭᠤᠯᠢ  ᠡᠴᠠ‌‍ᠬᠦ᠋ᠷᠭᠡᠭᠰᠡᠨ ᠬᠢᠳᠡᠳ ᠮᠤᠩᠭᠤᠯ ᠡᠯ᠎ᠡ ᠲᠦᠷᠦᠯ ᠤᠨ ᠨᠤᠮ 10000 ᠭᠠᠷᠦᠢ ᠲᠡᠪᠳᠡᠷ ᠪᠠᠶᠢᠨ᠎ᠠ᠃ ᠲᠤᠰ ᠨᠤᠮ ᠤᠨ  ᠦᠷᠦᠬᠡ‌ᠵᠢᠯ ᠤᠨ ᠲᠦᠷᠪᠡᠨ ᠤᠯᠠᠷᠢᠯ ᠳᠤ ᠡᠬᠦᠳᠡ ᠪᠠᠨ ᠨᠡᠬᠡᠬᠡᠵᠦ᠂ ᠮᠠᠯᠴᠢᠨ ᠲᠦᠮᠡᠨ ᠪᠠ ᠰᠤᠷᠤᠬᠴᠢᠳ ᠤᠨ ᠨᠤᠮ ᠪᠢᠴᠢᠭ ᠦᠵᠡᠬᠦ ᠵᠢ‌‍ᠲ᠋ᠠᠮᠵᠢᠵᠦ ᠪᠠᠶᠢᠨ᠎ᠠ᠃ ᠲᠤᠰ ᠨᠤᠮ ᠤᠨ ᠦᠷᠦᠬᠡ ᠪᠠᠶᠢᠭᠤᠯᠤᠬᠳᠠᠬᠰᠠᠨ  ᠠᠴᠠ  ᠨᠠᠭᠠᠰᠢ᠂  ᠪᠠᠭᠠᠴᠤᠳ  ᠬᠡᠤᠬᠡᠳ  ᠤᠨ  ᠤᠷᠠᠨ‌ᠤᠩᠰᠢᠯᠭ᠎ᠠ ᠶᠢᠨ ᠤᠷᠤᠯᠳᠤᠭᠠᠨ᠂ ᠤᠯᠠᠮᠵᠢᠯᠠᠯᠳᠤ ᠱᠠᠭ᠎ᠠ  ᠨᠠᠭᠠᠳᠦᠮ  ᠤᠨ  ᠤᠷᠤᠯᠳᠤᠭᠠᠨ  ᠵᠡᠷᠭᠡ  ᠡᠯᠪᠡᠭ  ᠠᠭᠤᠯᠭ᠎ᠠ  ᠲᠠᠢ‌ᠠᠵᠢᠯᠯᠠᠭ᠎ᠠ ᠡᠷᠬᠢᠯᠡᠵᠦ᠂ ᠤᠯᠠᠨ ᠲᠦᠮᠡᠨ ᠤ ᠰᠤᠶᠤᠯ ᠤᠨ ᠠᠮᠢᠳᠦᠷᠠᠯ  ᠢ  ᠶᠡᠬᠡᠪᠡᠷ  ᠪᠠᠶᠠᠯᠢᠬᠵᠢᠭᠤᠯᠵᠠᠢ᠃  ᠲᠤᠰ  ᠨᠤᠮ  ‍ᠤᠨ‌ᠦᠷᠦᠬᠡ ᠨᠢ ᠦᠪᠦᠷ ᠮᠤᠩᠭᠤᠯ ᠤᠨ ᠨᠤᠮ ᠤᠨ ᠰᠠᠩ ᠤᠨ ᠬᠤᠪᠢᠶᠠᠷᠢ ᠰᠠᠩ᠂ ᠬᠢᠩᠭᠠᠨ ᠠᠶᠢᠮᠠᠭ ᠤᠨ  ᠨᠤᠮ  ᠤᠨ  ᠰᠠᠩ  ‍ᠤᠨ‌ᠤᠯᠠᠭᠠᠨᠮᠤᠳᠤ ᠲᠠᠯ᠎ᠠ ᠨᠤᠳᠤᠭ ᠤᠨ ᠮᠤᠩᠭᠤᠯ ᠬᠡᠷ ᠨᠤᠮ  ᠤᠨ ᠦᠷᠦᠬᠡ᠂ ᠬᠤᠷᠴᠢᠨ ᠪᠠᠷᠠᠭᠤᠨ ᠭᠠᠷᠦᠨ ᠡᠮᠦᠨᠡᠳᠤ ᠬᠤᠰᠢᠭᠤᠨ  ‍ᠤ‌ᠨᠤᠮ ᠤᠨ ᠰᠠᠩ ᠤᠨ ᠤᠯᠠᠭᠠᠨᠮᠤᠳᠤ ᠲᠠᠯ᠎ᠠ ᠨᠤᠳᠤᠭ ᠤᠨ ᠦᠨᠳᠦᠰᠦᠨ ᠱᠠᠳᠦᠨ ᠳᠠᠬᠢ ᠦᠢᠯᠡᠴᠢᠯᠡᠬᠡᠨ ᠤ ᠭᠠᠵᠠᠷ᠂ ᠰᠢᠨ᠎ᠠ  ᠴᠠᠭ‌ᠦᠶ᠎ᠡ ᠶᠢᠨ ᠪᠤᠯᠪᠠᠰᠦᠨ ᠤ ᠦᠢᠯᠡᠳᠦᠯᠬᠡ ᠶᠢᠨ ᠰᠠᠶᠢᠨ ᠲᠤᠷ᠎ᠠ ᠶᠢᠨ ᠦᠢᠯᠡᠴᠢᠯᠡᠬᠡᠨ ᠤ ᠭᠠᠵᠠᠷ ᠪᠤᠯᠤᠬᠰᠠᠨ ᠪᠠᠶᠢᠨ᠎ᠠ᠃         ᠡᠨᠡ ᠵᠢᠯ ᠠᠴᠠ ᠨᠠᠭᠠᠰᠢ᠂ ᠪᠦᠬᠡᠪᠠᠶᠠᠷ ᠪᠠᠭᠰᠢ ᠮᠠᠯᠴᠢᠨ ᠲᠦᠮᠡᠨ ᠤ ᠪᠤᠳᠠᠳᠤ ᠠᠮᠢᠳᠦᠷᠠᠯ ᠳᠤ ᠨᠡᠩ ᠶᠡᠭᠡ  ᠲᠤᠰᠠᠳᠠᠢ᠂ᠲᠤᠬᠠᠶᠢᠯᠠᠪᠠᠯ  ᠪᠤᠳᠠ  ᠪᠤᠭ  ᠮᠠᠯ  ᠠᠷᠠᠴᠢᠯᠠᠵᠦ  ᠲᠡᠵᠢᠬᠡᠬᠦ  ᠠᠷᠭ᠎ᠠ᠂  ᠦᠨᠳᠦᠷ  ᠦᠷ᠎ᠡ  ᠠᠰᠢᠬᠳᠠᠢ  ᠤᠷᠭᠤᠮᠠᠯ  ᠲᠠᠷᠢᠵᠦ ᠤᠷᠭᠤᠭᠤᠯᠬᠤ᠂ ᠮᠠᠯ ᠪᠡᠯᠴᠢᠬᠡᠷ ᠤᠨ ᠲᠡᠩᠴᠡᠬᠦᠷᠢ ᠶᠢ ᠬᠡᠷᠬᠢᠨ ᠪᠠᠳᠦᠯᠠᠬᠤ ᠲᠤᠬᠠᠢ ᠨᠤᠮ ᠲᠡᠪᠳᠡᠷ ᠢ ᠤᠷᠤᠭᠤᠯᠵᠦ ᠪᠠᠶᠢᠨ᠎ᠠ᠃         ᠨᠤᠮ ᠪᠢᠴᠢᠭ ᠢ ᠲᠦᠬᠡᠬᠡᠨ ᠲᠡᠯᠬᠡᠷᠡᠬᠦᠯᠬᠦ ᠦᠢᠯᠡ ᠳᠤᠷ ᠨᠢᠬᠡᠨ ᠦᠵᠦᠬᠦᠷᠳᠤ ᠰᠡᠳᠬᠢᠯ ᠢᠶᠠᠷ ᠵᠢᠳᠬᠦᠭᠰᠡᠨ ᠪᠦᠬᠡᠪᠠᠶᠠᠷ‌‍ᠪᠠᠭᠰᠢ ᠮᠠᠨᠢ ᠪᠤᠶᠠᠨ ᠬᠡᠰᠢᠭ ᠨᠢ ᠶᠡᠬᠡᠳᠡ  ᠲᠡᠯᠬᠡᠷᠡᠵᠦ᠂  ᠪᠤᠷᠬᠠᠨ  ᠤ  ᠮᠡᠯᠮᠡᠢ  ᠳᠤ  ᠲᠤᠵᠢ  ᠳᠠᠭᠠᠨ  ᠢᠪᠡᠭᠡᠭᠳᠡᠵᠦ  ᠶᠠᠪᠤᠬᠤ ᠪᠤᠯᠳᠤᠭᠠᠢ︕         ᠠᠯᠢᠪᠠ ᠦᠢᠯᠡ ᠶᠢ ᠰᠡᠳᠬᠢᠯ ᠬᠠᠷᠠᠮ ᠦᠬᠡᠢ᠂ ᠭᠠᠷ ᠲᠠᠳᠠᠯ ᠦᠬᠡᠢ ᠲᠡᠮᠵᠢᠵᠦ ᠢᠷᠡᠭᠰᠡᠨ ᠪᠦᠬᠦ ᠬᠦᠮᠦᠰ ᠨᠤᠮ  ‍ᠤᠨ‌‍ᠴᠠᠭᠠᠨ ᠪᠤᠶᠠᠨ ᠳᠤ ᠢᠪᠡᠭᠡᠭᠳᠡᠵᠦ ᠶᠠᠪᠤᠬᠤ ᠪᠤᠯᠳᠤᠭᠠᠢ︕          ᠨᠤᠮ ᠤᠨ ᠴᠠᠭᠠᠨ ᠪᠤᠶᠠᠨ ᠲᠡᠯᠬᠡᠷᠡᠳᠤᠬᠡᠢ︕           ᠡᠬᠡ ᠪᠢᠴᠢᠭ ᠢ ᠬᠢᠩᠭᠠᠨ ᠤ ᠡᠳᠦᠷ ᠤᠨ ᠰᠤᠨᠢᠨ ᠤ ᠬᠤᠷᠢᠶ᠎ᠠ ᠶᠢᠨ ᠰᠤᠷᠪᠤᠯᠵᠢᠯᠠᠬᠴᠢ ᠡᠤ ᠰᠡᠷᠬᠦᠯᠡᠩ ᠬᠠᠩᠭᠠᠪᠠ᠃
ᠢᠷᠡᠯᠲᠡ᠄ ᠠᠷᠠᠳ ᠤᠨ ᠰᠥᠯᠵᠢᠶ᠎ᠡ