ᠣᠯᠠᠨ ᠬᠥᠮᠦᠨ ᠮᠡᠬᠡᠯᠡᠭᠳᠡᠪᠡ︕ ︽HPV ᠸᠠᠺᠼᠢᠨ ᠤᠷᠢᠳᠴᠢᠯᠠᠨ ᠪᠣᠯᠵᠣᠬᠤ︾ ᠮᠡᠬᠡᠯᠡᠯ ᠢ  ᠬᠢᠴᠢᠶᠡ
ᠨᠡᠶᠢᠲᠡᠯᠡᠭᠰᠡᠨ ᠴᠠᠭ᠄
2024/3/28
         HPV ᠸᠠᠺᠼᠢᠨ ᠨᠢ ᠭᠤᠤᠯᠳᠠᠭᠤ ᠰᠠᠪᠠ ᠶᠢᠨ ᠬᠦᠵᠦᠭᠦᠨ ᠤ  ᠥᠮᠡᠨ  ᠤᠯᠬᠤ ᠶᠢ  ᠰᠡᠷᠭᠡᠶᠢᠯᠡᠬᠦ ᠶᠢᠨ  ᠲᠥᠯᠥᠭᠡ‌‍ᠶᠤᠮ᠂ ᠬᠡᠷᠡᠭᠰᠡᠬᠦ ᠬᠡᠮᠵᠢᠶ᠎ᠡ ᠨᠢ ᠶᠡᠭᠡ᠂ ᠵᠠᠷᠢᠮ ᠳᠠᠭᠠᠨ  ᠣᠬᠤᠷ  ᠬᠤᠭᠤᠴᠠᠭᠠᠨ ᠤ  ᠬᠠᠩᠭᠠᠯᠭ᠎ᠠ ᠨᠢ  ᠬᠦᠷᠦᠯᠴᠡᠬᠦ  ᠥᠬᠡᠶ ᠡᠴᠠ‌‍ᠪᠤᠯᠵᠤ ᠤᠷᠢᠳᠴᠢᠯᠡᠨ ᠪᠣᠯᠵᠣᠵᠤ ᠪᠠᠶᠢᠭᠠᠳ ᠳᠠᠷᠢᠭᠤᠯᠬᠤ  ᠬᠡᠷᠡᠭᠲᠡᠶ  ᠪᠠᠶᠢᠳᠠᠭ᠃  ᠭᠡᠲᠡᠯ᠎ᠡ᠂  ᠬᠠᠤᠯᠢ  ᠪᠤᠰᠤ  ᠡᠲᠡᠭᠡᠳ  ᠨᠢ‌ᠤᠷᠢᠳᠴᠢᠯᠠᠨ ᠪᠣᠯᠵᠣᠬᠤ ᠠᠷᠭ᠎ᠠ ᠵᠠᠮ ᠡᠷᠢᠵᠦ ᠪᠠᠶᠢᠭ᠎ᠠ ᠬᠦᠮᠦᠰ ᠢ ᠤᠨᠢᠯᠠᠵᠤ᠂ ᠮᠣᠳᠣᠨ ᠮᠣᠷᠢᠨ ᠫᠷᠤᠭ᠍ᠷᠠᠮ  ᠪᠠ  ᠤᠷᠢᠳᠴᠢᠯᠠᠨ‌‍ᠪᠣᠯᠵᠣᠬᠤ ᠣᠬᠤᠷ ᠮᠡᠳᠡᠭᠡ ᠵᠠᠩᠭᠢ ᠪᠠᠷ ᠮᠡᠬᠡᠯᠡᠯ ᠬᠢᠳᠡᠭ᠃         ᠬᠡᠷᠡᠭ ᠰᠢᠳᠬᠡᠭᠴᠢ ᠶᠢᠨ ᠬᠡᠯᠡᠬᠦ ᠪᠠᠷ᠂ ᠯᠢᠶᠠᠩ ᠣᠪᠣᠭᠲᠤ ᠪᠣᠯᠤᠨ ᠸᠠᠩ ᠣᠪᠣᠭᠲᠤ  ᠣᠬᠤᠷ  ᠮᠡᠳᠡᠭᠡ  ᠵᠠᠩᠭᠢ  ᠵᠢᠨ‌‍ᠲ᠋ᠠᠪᠴᠠᠩ ᠢᠶᠠᠷ  ᠳᠠᠮᠵᠢᠭᠤᠯᠤᠨ᠂  ᠬᠤᠤᠷᠯᠠᠭᠳᠠᠭᠴᠢ ᠳᠤ  ᠤᠷᠢᠳᠴᠢᠯᠠᠨ  ᠪᠣᠯᠵᠣᠬᠤ  ᠮᠡᠬᠡᠯᠡᠯ ᠤᠨ  ᠣᠬᠤᠷ  ᠮᠡᠳᠡᠭᠡ  ᠵᠠᠩᠭᠢ‌‍ᠶᠠᠪᠤᠭᠤᠯᠵᠤ᠂ ᠬᠤᠤᠷᠯᠠᠭᠳᠠᠭᠴᠢ ᠶᠢ ᠥᠳᠥᠭᠡᠨ ᠪᠠᠶᠢᠵᠤ ᠮᠡᠬᠡᠯᠡᠯ ᠤᠨ  ᠣᠬᠤᠷ  ᠮᠡᠳᠡᠭᠡ  ᠵᠠᠩᠭᠢ  ᠳᠠᠬᠢ  ᠵᠢᠭᠠᠰᠤ  ᠬᠦᠬᠢᠳᠡᠬᠦ‌‍ᠰᠦ᠋ᠯᠵᠢᠶᠡᠨ ᠤ ᠥᠷᠲᠡᠭᠡ ᠶᠢᠨ ᠴᠥᠷᠬᠡᠯᠡᠭᠡ ᠶᠢ ᠨᠡᠭᠡᠭᠡᠯᠭᠡᠳᠡᠭ᠃ ᠳᠠᠷᠠᠭ᠎ᠠ ᠨᠢ᠂ ᠲᠡᠳᠡᠨ ᠤ ᠬᠥᠯᠥᠰᠥᠯᠡᠭᠰᠡᠨ ᠬᠠᠮᠲᠤ ᠬᠡᠷᠡᠭᠲᠡᠨ ᠨᠢ‌‍ᠲ᠋ᠠᠪᠴᠠᠩ ᠤᠨ ᠦᠢᠯᠡᠴᠢᠯᠡᠭᠴᠢ ᠪᠠᠷ ᠣᠪᠯᠠᠵᠤ᠂  ᠦᠨ᠎ᠡ  ᠬᠠᠩᠰᠢ ᠶᠢ  ᠳᠣᠭᠢᠷᠠᠭᠤᠯᠬᠤ  ᠪᠤᠢ᠂  ᠳᠠᠬᠢᠨ  ᠵᠠᠬᠢᠶᠠᠯᠠᠭ᠎ᠠ  ᠬᠢᠪᠡᠯ‌ᠬᠠᠷᠠᠭᠠᠯᠵᠠᠯ ᠬᠦᠷᠳᠡᠭᠡᠨ᠎ᠡ᠂ ᠵᠤᠭᠤᠰ ᠶᠠᠪᠤᠭᠤᠯᠤᠬᠰᠠᠨ ᠴᠢᠨᠢ ᠪᠤᠷᠤᠭᠤᠳᠴᠠᠢ ᠲᠠᠬᠢᠨ ᠲᠣᠭᠠᠴᠠᠭ᠎ᠠ ᠬᠢᠬᠦ ᠴᠢᠬᠤᠯᠠᠳᠠᠢ  ᠭᠡᠬᠦ  ᠮᠡᠳᠦ‌ᠵᠢᠨ ᠦᠭᠡ ᠶᠢ ᠶᠠᠷᠢᠵᠦ ᠬᠤᠤᠷᠯᠠᠭᠳᠠᠭᠴᠢ ᠶᠢ ᠥᠳᠥᠭᠡᠨ ᠣᠯᠠᠨ ᠤᠳᠠᠭ᠎ᠠ ᠵᠤᠭᠤᠰ ᠰᠢᠯᠵᠢᠬᠦᠯᠦᠨ ᠶᠠᠪᠤᠭᠤᠯᠤᠭᠤᠯᠳᠠᠭ᠃ ᠲᠡᠳᠡ‌‍ᠬᠡᠷᠡᠭᠯᠡᠭᠴᠢ ᠶᠢᠨ ᠣᠨᠣᠪᠴᠢᠲᠠᠶ ᠮᠡᠳᠡᠭᠡ ᠵᠠᠩᠭᠢ ᠶᠢ ᠡᠵᠡᠮᠰᠢᠭᠰᠡᠨ ᠤᠴᠢᠷ ᠠᠴᠠ᠂  ᠬᠤᠤᠷᠯᠠᠭᠳᠠᠭᠴᠢ  ᠬᠠᠮᠤᠭ  ᠲᠡᠷᠢᠭᠦᠨ ᠳ᠋ᠤ᠋‌ᠦᠨᠡᠨ  ᠬᠤᠳᠠᠯ ᠢ  ᠢᠯᠭᠠᠬᠤ ᠳᠤ  ᠬᠦᠴᠢᠷᠳᠡᠢ  ᠪᠠᠶᠢᠳᠠᠭ᠃ ᠲᠤᠰ ᠬᠡᠷᠡᠭ ᠲᠤ᠂ 55 ᠬᠤᠣᠷᠯᠠᠭᠳᠠᠭᠴᠢ  ᠮᠡᠬᠡᠯᠡᠭᠳᠡᠵᠦ᠂ᠮᠡᠬᠡᠯᠡᠭᠳᠡᠭᠰᠡᠨ ᠵᠣᠭᠤᠰ ᠤᠨ ᠲᠤᠭ᠎ᠠ 60 ᠭᠠᠷᠤᠶ ᠲᠦᠮᠡᠨ ᠲᠥᠭᠦᠷᠢᠭ ᠲᠤ ᠬᠦᠷᠴᠡᠶ᠃
ᠢᠷᠡᠯᠲᠡ᠄ ᠠᠷᠠᠳ ᠤᠨ ᠰᠥᠯᠵᠢᠶ᠎ᠡ