ᠱᠠᠭ᠎ᠠ ᠶᠢᠨ ᠴᠡᠭᠡᠷ ᠶᠣᠰᠣᠨ
ᠨᠡᠶᠢᠲᠡᠯᠡᠭᠰᠡᠨ ᠴᠠᠭ᠄
2024/3/19
       ᠨᠢᠬᠡ᠄  ᠬᠤᠨᠢ᠂ ᠢᠮᠠᠭ᠎ᠠ᠂ ᠠᠳᠤᠭᠤ᠂ ᠦᠭᠡᠷ᠂ ᠲᠡᠮᠡᠭᠡ᠂ ᠵᠡᠭᠡᠷ᠎ᠡ᠂ ᠬᠦᠷᠤᠭᠡᠰᠤ᠂ ᠠᠷᠭᠠᠯᠢ᠂ ᠶᠠᠩᠭᠢᠷ᠂  ᠪᠤᠭᠤ᠂  ᠵᠢᠨ‌‍ᠱᠠᠭ᠎ᠠ ᠶᠢ ᠭᠠᠯ ᠳᠤ ᠰᠢᠳᠠᠭᠠᠬᠤ ᠶᠢ ᠴᠡᠭᠡᠷᠯᠡᠨ᠎ᠡ᠃       ᠬᠤᠶᠠᠷ᠄ ᠲᠠᠪᠤᠨ ᠬᠤᠰᠢᠭᠤ ᠮᠠᠯ ᠤᠨ ᠱᠠᠭ᠎ᠠ ᠶᠢ ᠨᠤᠬᠠᠢ ᠠᠡᠭ ᠠᠮᠢᠲᠠᠨ ᠳᠤ ᠦᠭᠬᠦ ᠶᠢ ᠤᠨᠴᠠ ᠴᠡᠭᠡᠷᠯᠡᠨ᠎ᠡ᠂ ᠪᠤᠶᠠᠨ ᠭᠡᠰᠢᠭ ᠬᠠᠵᠡᠶᠢᠨ᠎ᠠ ᠭᠡᠳᠡᠭ᠃       ᠭᠤᠷᠪᠠ᠄ ᠮᠠᠯ ᠤᠨ ᠱᠠᠭ᠎ᠠ᠂ ᠵᠡᠭᠡᠷ᠎ᠡ ᠠᠷᠢᠶᠠᠲᠠᠨ ᠤ ᠱᠠᠭ᠎ᠠ ᠶᠢ ᠨᠡᠬᠦᠬᠦ ᠨᠤᠳᠤᠭ ᠳᠡᠭᠡᠷ᠎ᠡ ᠪᠠᠨ ᠤᠷᠭᠢᠵᠤ  ᠭᠡᠭᠡᠬᠦ  ᠵᠢ‌‍ᠴᠡᠭᠡᠷᠯᠡᠨ᠎ᠡ᠂ ᠭᠠᠢ ᠪᠠᠷᠴᠢᠳ ᠳᠤᠭᠢᠶᠠᠯᠳᠤᠨ᠎ᠠ ᠭᠡᠳᠡᠭ᠃       ᠳᠦᠷᠪᠡ᠄ ᠨᠠᠰᠤ ᠪᠠᠷᠠᠭᠰᠡᠨ ᠠᠶᠢᠯ ᠤᠨ ᠬᠦᠮᠤᠰ ᠳᠦᠷᠤᠯ ᠰᠠᠳᠤᠨ ᠨᠢ ︽ᠵᠠᠭᠤ ᠬᠤᠨᠤᠭ ᠢᠶᠠᠨ ᠬᠤᠷᠢᠶᠠᠬᠤ︾  ᠡᠴᠠ‌ᠡᠮᠤᠨ᠎ᠡ ᠱᠠᠭ᠎ᠠ ᠨᠠᠭᠠᠳᠤᠮ ᠳᠤ ᠤᠷᠤᠯᠴᠠᠬᠤ ᠶᠢ ᠴᠡᠭᠡᠷᠯᠡᠨ᠎ᠡ᠃       ᠲᠠᠪᠤ᠄ ᠭᠡᠤᠭᠡᠳ ᠤᠳ ᠢ ᠦᠭᠡᠷ ᠤᠨ ᠱᠠᠭ᠎ᠠ ᠪᠠᠷ ᠪᠦᠭ ᠴᠢᠭ ᠬᠠᠷᠪᠤᠵᠤ ᠨᠠᠭᠠᠳᠬᠤ ᠶᠢ ᠴᠡᠭᠡᠷᠯᠡᠨ᠎ᠡ᠂ ᠲᠡᠨᠡᠭ ᠪᠤᠯᠤᠨ᠎ᠠ ᠭᠡᠳᠡᠭ᠃       ᠵᠢᠷᠭᠤᠭ᠎ᠠ᠄ ᠬᠠᠪᠤᠷ ᠤᠨ ᠳᠦᠯ ᠳᠤᠰᠴᠤ ᠪᠠᠶᠢᠬᠤ ᠤᠯᠠᠷᠢᠯ ᠳᠤ ᠭᠡᠤᠭᠡᠳ ᠤᠳ ᠱᠠᠭ᠎ᠠ ᠨᠠᠭᠠᠳᠬᠤ  ᠶᠢ  ᠴᠡᠭᠡᠷᠯᠡᠨ᠎ᠡ᠂ ᠳᠦᠯ ᠮᠠᠶᠢᠭᠢ ᠪᠤᠯᠤᠨ᠎ᠠ ᠭᠡᠳᠡᠭ᠃       ᠳᠤᠯᠤᠭ᠎ᠠ᠄ ᠵᠤᠨ ᠤ ᠪᠤᠷᠤᠭᠠᠨ ᠲᠠᠢ ᠡᠳᠤᠷ ᠱᠠᠭ᠎ᠠ ᠨᠠᠭᠠᠳᠬᠤ ᠶᠢ ᠴᠡᠭᠡᠷᠯᠡᠨ᠎ᠡ᠂ ᠲᠡᠭᠷᠢ ᠳᠤᠤᠭᠠᠷᠴᠤ  ᠠᠶᠤᠩᠭ᠎ᠠ ᠪᠠᠭᠤᠨ᠎ᠠ ᠭᠡᠳᠡᠭ᠃       ᠨᠠᠶᠢᠮᠠ᠄ ᠰᠦᠨᠢᠳ ᠨᠤᠳᠤᠭ ᠲᠤ ᠱᠠᠭ᠎ᠠ ᠨᠠᠭᠠᠳᠬᠤ ᠳᠠᠭᠠᠨ ᠢᠵᠢᠯᠢ ᠮᠤᠷᠢ  ᠪᠤᠰᠪᠠᠯ  ᠬᠤᠭᠤᠷᠤᠨᠳᠤ  ᠨᠢ ᠨᠢᠰᠯᠠᠵᠤ ᠬᠠᠷᠪᠤᠬᠤ ᠶᠢ ᠤᠨᠴᠠ ᠴᠡᠭᠡᠷᠯᠡᠨ᠎ᠡ᠂ ᠵᠠᠶᠠᠭ᠎ᠠ ᠭᠡᠶᠢᠮᠤᠷᠢ ᠭᠡᠪᠲᠡᠨ᠎ᠡ ᠭᠡᠳᠡᠭ᠃       ᠶᠢᠰᠤ᠄ ᠶᠠᠰᠤ ᠪᠡᠷᠳᠡᠭᠰᠡᠨ ᠬᠦᠮᠤᠨ ᠡᠳᠡᠭᠡᠷᠡᠬᠦ ᠠᠴᠠ ᠡᠮᠤᠨ᠎ᠡ ᠱᠠᠭ᠎ᠠ ᠨᠠᠭᠠᠳᠬᠤ ᠶᠢ ᠴᠡᠭᠡᠷᠯᠡᠨ᠎ᠡ᠂  ᠶᠠᠰᠤᠨ  ‍ᠤ‌ᠡᠳᠡᠭᠡᠷᠡᠯᠲᠡ ᠳᠤ ᠮᠠᠭᠤ ᠭᠡᠳᠡᠭ᠃       ᠠᠷᠪᠠ᠄ ᠴᠢᠨ᠋ᠸ᠎ᠡ ᠢᠳᠡᠭᠰᠡᠨ ᠮᠠᠯ ᠤᠨ ᠱᠠᠭ᠎ᠠ ᠶᠢ ᠲᠡᠭᠷᠢ ᠶᠢᠨ ᠨᠤᠬᠠᠢ ᠶᠢᠨ ᠭᠡᠰᠢᠭ ᠭᠡᠵᠤ ᠠᠪᠴᠤ ᠬᠠᠳᠠᠭᠠᠯᠠᠬᠤ ᠡᠴᠠ‌‍ᠪᠢᠰᠢ᠂ ᠨᠠᠭᠠᠳᠤᠮ ᠳᠤᠭᠯᠠᠭᠠᠮ ᠳᠤ ᠭᠡᠷᠡᠭᠯᠡᠬᠦ ᠶᠢ ᠴᠡᠭᠡᠷᠯᠡᠨ᠎ᠡ᠃       ᠠᠷᠪᠠᠨ ᠨᠢᠭᠡ᠄ ᠰᠡᠳᠡᠷ ᠲᠠᠢ ᠮᠠᠯ᠂ ᠲᠠᠷᠬᠠᠯᠠᠭᠰᠡᠨ ᠮᠠᠯ ᠦᠬᠦᠪᠡᠯ᠂ ᠱᠠᠭ᠎ᠠ  ᠶᠢ ᠠᠪᠴᠤ ᠬᠠᠳᠠᠭ  ᠲᠤ  ᠪᠤᠭᠤᠵᠤ ᠬᠠᠳᠠᠭᠠᠯᠠᠨ᠎ᠠ᠃ ᠨᠠᠭᠠᠳᠤᠮ ᠳᠤᠭᠯᠠᠭᠠᠮ  ᠳᠤ ᠭᠡᠷᠡᠭᠯᠡᠬᠦ ᠶᠢ ᠴᠡᠭᠡᠷᠯᠡᠨ᠎ᠡ᠃       ᠠᠷᠪᠠᠨ ᠬᠤᠶᠠᠷ᠄ ᠭᠡᠤᠭᠡᠳ ᠭᠤᠷᠪᠠᠨ ᠬᠤᠨᠤᠭ ᠵᠠᠯᠭᠠᠪᠠᠷ ᠤᠭᠢᠯᠠᠪᠠᠯ ᠱᠠᠭᠠᠶᠢᠳᠤ ᠴᠢᠮᠤᠭᠡ ᠶᠢᠨ ᠱᠠᠭ᠎ᠠ ᠶᠢ  ᠠᠪᠴᠤ‌ᠬᠠᠳᠠᠭ ᠲᠤ ᠪᠤᠭᠤᠵᠤ ᠬᠠᠳᠠᠭᠠᠯᠠᠬᠤ ᠪᠤᠶᠤ ᠭᠡᠤᠭᠡᠳ ᠤᠨ ᠨᠠᠭᠠᠳᠤᠮ ᠳᠤᠨᠢ ᠵᠡᠬᠦᠳᠡᠭ᠂ ᠨᠠᠭᠠᠳᠤᠮ ᠳᠤ ᠭᠡᠷᠡᠭᠯᠡᠬᠦ ᠶᠢ ᠴᠡᠭᠡᠷᠯᠡᠨ᠎ᠡ᠃       ᠠᠷᠪᠠᠨ ᠭᠤᠷᠪᠠ᠄ ᠬᠤᠷᠢᠮ ᠤᠨ ᠪᠦᠬᠦᠯᠢ ᠰᠢᠬᠦᠰᠤᠨ ᠤ ᠱᠠᠭᠠᠶᠢᠳᠤ ᠴᠢᠮᠤᠭᠡ ᠶᠢᠨ ᠱᠠᠭ᠎ᠠ ᠶᠢ ᠠᠪᠴᠤ ᠬᠠᠳᠠᠭ ᠲᠤ ᠪᠤᠭᠤᠵᠤ ᠳᠡᠷ᠎ᠡ ᠳᠤᠤᠷ᠎ᠠ ᠭᠢᠳᠡᠭ ᠪᠦᠭᠡᠳ ᠰᠠᠶᠢᠬᠠᠨ ᠬᠠᠳᠠᠭᠠᠯᠠᠳᠠᠭ᠂ ᠨᠠᠭᠠᠳᠤᠮ ᠳᠤᠭᠯᠠᠭᠠᠮ ᠳᠤ ᠭᠡᠷᠡᠭᠯᠡᠬᠦ ᠶᠢ ᠴᠡᠭᠡᠷᠯᠡᠨ᠎ᠡ᠃       ᠠᠷᠪᠠᠨ ᠳᠦᠷᠪᠠ᠄ ᠮᠡᠷᠭᠡ ᠳᠦᠯᠭᠡ ᠲᠠᠯᠪᠢᠳᠠᠭ ᠱᠠᠭ᠎ᠠ ᠶᠢ ᠨᠠᠭᠠᠳᠤᠮ ᠳᠤᠭᠯᠠᠭᠠᠮ ᠳᠤ ᠬᠡᠷᠡᠭᠯᠡᠬᠦ ᠶᠢ ᠴᠡᠭᠡᠷᠯᠡᠨ᠎ᠡ᠂ ᠮᠡᠷᠭᠡ ᠳᠦᠯᠭᠡ ᠳᠦᠭᠡᠷᠢᠨ᠎ᠡ ᠭᠡᠳᠡᠭ᠃       ᠠᠷᠪᠠᠨ ᠲᠠᠪᠤ᠄ ᠬᠤᠷᠠᠭ᠎ᠠ ᠢᠰᠢᠭᠡ ︵ᠳᠦᠯ ᠮᠠᠯ ᠤᠨ ᠱᠠᠭ᠎ᠠ︶ ᠶᠢᠨ ᠱᠠᠭ᠎ᠠ ᠪᠠᠷ ᠨᠠᠭᠠᠳᠬᠤ ᠶᠢ ᠴᠡᠭᠡᠷᠯᠡᠨ᠎ᠡ᠂ ᠡᠬᠡ ᠮᠠᠯ ᠤᠨ ᠳᠡᠯᠡᠩ ᠬᠦᠬᠦ ᠡᠪᠳᠤᠨ᠎ᠡ ᠭᠡᠳᠡᠭ᠃       ᠠᠷᠪᠠᠨ ᠵᠢᠷᠭᠤᠭ᠎ᠠ᠄ ᠱᠠᠭ᠎ᠠ ᠶᠢ ᠵᠠᠰᠠᠵᠤ ᠴᠡᠪᠡᠷᠯᠡᠬᠦ ᠳᠡᠭᠡᠨ ᠱᠠᠭ᠎ᠠ ᠮᠦᠯᠵᠢᠬᠦ ᠭᠡᠵᠤ ᠬᠡᠯᠡᠬᠦ ᠶᠢ ᠴᠡᠭᠡᠷᠯᠡᠨ᠎ᠡ᠂  ᠬᠠᠷᠢᠨ ᠱᠠᠭ᠎ᠠ ᠵᠠᠰᠠᠬᠤ ᠭᠡᠵᠤ ᠬᠡᠯᠡᠳᠡᠭ᠃
ᠢᠷᠡᠯᠲᠡ᠄ ᠣᠷᠳᠣᠰ ᠮᠣᠩᠭᠤᠯ ᠰᠥᠯᠵᠢᠶ᠎ᠡ