ᠤᠷᠲᠤ ᠶᠢᠨ ᠳᠠᠭᠤᠤ
ᠨᠡᠶᠢᠲᠡᠯᠡᠭᠰᠡᠨ ᠴᠠᠭ᠄
2024/3/11
         ᠮᠣᠩᠭᠤᠯ ᠦᠨᠳᠦᠰᠦᠲᠡᠨ ᠤ  ᠣᠷᠳᠣ  ᠶᠢᠨ  ᠳᠠᠭᠤᠤ  ᠪᠣᠯ  ᠤᠮᠠᠷᠠᠲᠤ  ᠶᠢᠨ  ᠲᠠᠯ᠎ᠠ  ᠨᠤᠲᠤᠭ ᠤᠨ  ᠨᠡᠭᠦᠳᠡᠯᠴᠢᠨ‌ᠦᠨᠳᠦᠰᠦᠲᠡᠨ ᠤ ᠮᠠᠯ ᠠᠵᠤ ᠠᠬᠤᠢ ᠶᠢᠨ ᠦᠢᠯᠡᠳᠪᠦᠷᠢᠯᠡᠯ ᠬᠥᠳᠡᠯᠮᠦᠷᠢ ᠶᠢᠨ  ᠳᠤᠮᠳᠠ  ᠡᠭᠦᠳᠦᠨ  ᠪᠦᠲᠦᠭᠡᠭᠰᠡᠨ᠂  ᠬᠦᠳᠡᠭᠡ‌‍ᠲ᠋ᠠᠯ᠎ᠠ ᠳᠤ ᠮᠠᠯ ᠢᠶᠠᠨ ᠬᠠᠷᠢᠭᠤᠯᠬᠤ ᠪᠠ ᠤᠯᠠᠮᠵᠢᠯᠠᠯᠲᠤ  ᠪᠠᠶᠠᠷ  ᠳᠤᠷᠠᠰᠬᠠᠯ ᠤᠨ  ᠦᠶ᠎ᠡ ᠳᠤ  ᠳᠠᠭᠤᠯᠠᠳᠠᠭ  ᠨᠢᠭᠡ  ᠵᠦᠢᠯ ‍ᠦᠨ‌ᠠᠷᠠᠳ ᠤᠨ ᠳᠠᠭᠤᠤ ᠪᠣᠯᠣᠨ᠎ᠠ᠃ ᠤᠷᠳᠤ ᠶᠢᠨ ᠳᠠᠭᠤᠤ ᠶᠢᠨ ᠬᠥᠭ ᠠᠶᠠᠰ ᠨᠢ ᠣᠷᠳᠣ  ᠨᠠᠮᠤᠭᠤᠬᠠᠨ᠂  ᠰᠠᠨᠠᠭ᠎ᠠ  ᠠᠬᠤᠢ  ᠨᠢ‌ᠠᠭᠤᠵᠢᠮ᠂ ᠬᠥᠭ ᠠᠶᠠᠰ ᠨᠢ ᠴᠢᠮᠡᠭᠯᠡᠯ ᠤᠨ ᠰᠢᠨᠵᠢ ᠪᠠᠷ ᠮᠠᠰᠢ ᠪᠠᠶᠠᠯᠢᠭ᠂ ᠢᠯᠠᠩᠭᠤᠶ᠎ᠠ ︽ᠨᠤᠭᠤᠯᠤᠭ᠎ᠠ︾ ︵ᠡᠷᠡᠦ  ᠨᠤᠭᠤᠯᠤᠭ᠎ᠠ᠂ᠲᠠᠩᠨᠠᠢ ᠨᠤᠭᠤᠯᠤᠭ᠎ᠠ︶ ᠶᠢᠨ ᠳᠠᠭᠤᠯᠠᠬᠤ ᠬᠡᠯᠪᠡᠷᠢ ᠪᠠᠷ ᠪᠦᠷᠢᠯᠳᠦᠭᠰᠡᠨ ᠢᠷᠠᠭᠤ ᠰᠠᠶᠢᠬᠠᠨ ᠳᠠᠭᠤᠯᠠᠬᠤ ᠠᠷᠭ᠎ᠠ ᠨᠢ  ᠬᠠᠮᠤᠭ  ᠡᠴᠠ‌ᠥᠪᠡᠷᠮᠢᠴᠡ ᠣᠨᠴᠠᠯᠢᠭ ᠲᠠᠢ ᠪᠠᠶᠢᠳᠠᠭ᠃          ᠠᠯᠢ ᠡᠷᠲᠡ ᠮᠢᠩᠭ᠎ᠠ ᠭᠠᠷᠤᠢ ᠵᠢᠯ ᠤᠨ ᠡᠮᠦᠨ᠎ᠡ᠂  ᠮᠣᠩᠭᠤᠯᠴᠤᠳ ᠤᠨ  ᠡᠪᠦᠭᠡ  ᠳᠡᠭᠡᠳᠦᠰ  ᠡᠷᠭᠦᠨ᠎ᠡ  ᠭᠤᠣᠯ ‍ᠤᠨ‌ᠬᠤᠶᠠᠷ ᠬᠥᠪᠡᠭᠡᠨ ᠤ ᠠᠭᠤᠯᠠᠨ ᠣᠶ ᠠᠴᠠ ᠭᠠᠷᠴᠤ ᠮᠣᠩᠭᠤᠯ ᠤᠨ ᠥᠨᠳᠦᠷᠯᠢᠭ  ᠵᠦᠭ  ᠨᠡᠭᠦᠳᠡᠯᠯᠡᠵᠦ᠂  ᠦᠢᠯᠡᠳᠪᠦᠷᠢᠯᠡᠯ ‍ᠦᠨ‌ᠠᠷᠭ᠎ᠠ ᠮᠠᠶ᠋ᠢᠭ ᠨᠢ ᠴᠦ ᠠᠩ ᠠᠩᠨᠠᠯ  ᠠᠴᠠ ᠮᠠᠯ ᠠᠵᠤ ᠠᠬᠤᠢ ᠪᠣᠯᠣᠨ ᠬᠤᠪᠢᠷᠠᠵᠤ᠂ ᠣᠷᠳᠣ  ᠶᠢᠨ  ᠳᠠᠭᠤᠤ  ᠭᠡᠬᠦ  ᠡᠨᠡ  ᠬᠦ‌‍ᠰᠢᠨ᠎ᠡ ᠠᠷᠠᠳ ᠤᠨ ᠳᠠᠭᠤᠤ ᠶᠢᠨ ᠬᠡᠯᠪᠡᠷᠢ ᠪᠣᠶ ᠪᠣᠯᠵᠤ ᠬᠥᠭᠵᠢᠭᠰᠡᠨ ᠪᠠᠶᠢᠨ᠎ᠠ᠃ ᠨᠡᠯᠢᠶᠡᠳ ᠤᠷᠲᠤ  ᠬᠤᠭᠤᠴᠠᠭᠠᠨ ᠤ  ᠲᠡᠦᠬᠡ‌‍ᠶᠢᠨ ᠬᠤᠭᠤᠴᠠᠭᠠᠨ ᠳᠤ ᠲᠡᠭᠰᠢ ᠪᠦᠲᠦᠴᠡ ᠲᠠᠢ ᠠᠩ ᠠᠩᠨᠠᠯ ᠤᠨ ᠳᠠᠭᠤᠤ ᠶᠢ ᠢᠲᠡᠭ  ᠢᠲᠡᠭ  ᠢᠶᠠᠷ  ᠣᠷᠣᠯᠠᠵᠤ᠂  ᠮᠣᠩᠭᠤᠯ‌ᠠᠷᠠᠳ ᠤᠨ  ᠳᠠᠭᠤᠤ  ᠶᠢᠨ  ᠭᠤᠣᠯᠯᠠᠬᠤ  ᠪᠠᠶᠢᠷᠢ  ᠶᠢ  ᠡᠵᠡᠯᠡᠵᠦ᠂  ᠡᠴᠦᠰ ᠲᠡᠭᠡᠨ  ᠮᠣᠩᠭᠤᠯ  ᠦᠨᠳᠦᠰᠦᠲᠡᠨ ᠤ  ᠳᠠᠭᠤᠤ‌‍ᠬᠥ᠋ᠭᠵᠢᠮ ᠤᠨ ᠨᠡᠶᠢᠲᠡᠯᠢᠭ ᠬᠡᠪ ᠨᠠᠮᠪᠠ ᠶᠢ ᠪᠦᠷᠢᠯᠳᠦᠭᠦᠯᠦᠭᠰᠡᠨ ᠪᠥᠭᠡᠳ ᠮᠣᠩᠭᠤᠯ  ᠦᠨᠳᠦᠰᠦᠲᠡᠨ ᠤ  ᠳᠠᠭᠤᠤ  ᠬᠥᠭᠵᠢᠮ ‍ᠦᠨ‌‍ᠪᠤᠰᠤᠳ ᠬᠡᠯᠪᠡᠷᠢ ᠳᠤ ᠭᠦᠨ ᠭᠦᠨᠵᠡᠭᠡᠢ ᠨᠥᠯᠥᠭᠡ ᠦᠵᠡᠭᠦᠯᠦᠭᠰᠡᠨ ᠪᠠᠶᠢᠨ᠎ᠠ᠃ ᠣᠷᠳᠣ ᠬᠤᠭᠤᠴᠠᠭᠠᠨ ᠤ ᠴᠤᠭᠯᠠᠭᠤᠯᠤᠯᠲᠠ ᠳ᠋ᠤ᠋‌ᠮᠣᠩᠭᠤᠯ ᠨᠡᠭᠦᠳᠡᠯ ᠰᠣᠶᠣᠯ ᠤᠨ ᠣᠨᠴᠠᠯᠢᠭ ᠪᠠ ᠣᠨᠴᠠᠯᠢᠭ ᠢ  ᠢᠯᠡᠷᠡᠭᠦᠯᠵᠦ᠂  ᠮᠣᠩᠭᠤᠯ  ᠦᠨᠳᠦᠰᠦᠲᠡᠨ ᠤ  ᠦᠭᠡ  ᠬᠡᠯᠡ᠂ᠤᠳᠬ᠎ᠠ ᠵᠣᠬᠢᠶᠠᠯ᠂ ᠲᠡᠦᠬᠡ᠂  ᠱᠠᠰᠢᠨ  ᠰᠤᠷᠲᠠᠬᠤᠨ᠂  ᠰᠡᠳᠬᠢᠴᠡ᠂  ᠶᠢᠷᠲᠢᠨᠴᠦ  ᠶᠢᠨ  ᠦᠵᠡᠯᠲᠡ᠂  ᠠᠮᠢ  ᠠᠬᠤᠢ  ᠵᠢᠨ‌ᠦᠵᠡᠯᠲᠡ᠂ ᠠᠮᠢᠳᠤᠷᠠᠬᠤᠢ ᠶᠢᠨ ᠦᠵᠡᠯᠲᠡ᠂ ᠵᠠᠩ ᠳᠠᠳᠬᠠᠯ ᠵᠡᠷᠭᠡ ᠲᠠᠢ ᠨᠢᠭᠲᠠ  ᠬᠤᠯᠪᠣᠵᠤ᠂  ᠮᠣᠩᠭᠤᠯ  ᠦᠨᠳᠦᠰᠦᠲᠡᠨ ‍ᠦ‌‍ᠪᠥ᠋ᠬᠦ ᠲᠡᠦᠬᠡ ᠪᠠ ᠨᠡᠶᠢᠭᠡᠮ ᠤᠨ ᠠᠮᠢᠳᠤᠷᠠᠯ ᠳᠤ ᠲᠤᠭᠤᠰᠢᠯᠠᠭᠳᠠᠵᠤ ᠪᠠᠶᠢᠳᠠᠭ ᠭᠡᠵᠦ ᠬᠡᠯᠡᠵᠦ ᠪᠣᠯᠣᠨ᠎ᠠ᠃ ᠤᠷᠲᠤ  ᠶᠢᠨ  ᠳᠠᠭᠤᠤ‌‍ᠶᠢᠨ ᠦᠨᠳᠦᠰᠦᠨ  ᠰᠡᠳᠦᠪᠯᠡᠬᠦᠨ ᠳᠤ  ᠮᠠᠯᠵᠢᠯ   ᠤᠨ  ᠳᠠᠭᠤᠤ᠂  ᠨᠤᠲᠤᠭ ᠢᠶᠠᠨ  ᠰᠠᠨᠠᠬᠤ  ᠳᠠᠭᠤᠤ᠂  ᠮᠠᠭᠲᠠᠭᠠᠯ  ᠳᠠᠭᠤᠤ᠂ᠬᠤᠷᠢᠮ ᠤᠨ ᠳᠠᠭᠤᠤ ᠪᠠ ᠳᠠᠶᠢᠯᠠᠯᠭ᠎ᠠ ᠶᠢᠨ ᠳᠠᠭᠤᠤ ︵ᠪᠠᠰᠠ ᠠᠷᠢᠬᠢᠨ ᠳᠠᠭᠤᠤ ᠭᠡᠳᠡᠭ︶ ᠵᠡᠷᠭᠡ ᠪᠤᠶ᠃          ᠤᠷᠲᠤ  ᠶᠢᠨ  ᠳᠠᠭᠤᠤ  ᠶᠢᠨ  ᠰᠡᠳᠦᠪᠯᠡᠬᠦᠨ  ᠨᠢ  ᠮᠣᠩᠭᠤᠯᠴᠤᠳ ᠤᠨ  ᠨᠡᠶᠢᠭᠡᠮ ᠤᠨ  ᠠᠮᠢᠳᠤᠷᠠᠯ ᠲᠠᠢ   ᠨᠢᠭᠲᠠ‌ᠬᠤᠯᠪᠣᠭ᠎ᠠ ᠲᠠᠢ ᠪᠠᠶᠢᠳᠠᠭ᠂ ᠮᠣᠩᠭᠤᠯᠴᠤᠳ  ᠪᠦᠬᠦᠶᠢᠯᠡ ᠪᠠᠶᠠᠷ ᠳᠤᠷᠠᠰᠬᠠᠯ ᠤᠨ ᠡᠳᠦᠷ᠂ ᠬᠤᠷᠢᠮ  ᠨᠠᠶᠢᠷ᠂  ᠲᠥᠷᠥᠯ  ᠰᠠᠳᠤᠨ‌ᠨᠠᠶᠢᠵᠠ ᠨᠥᠬᠦᠳ ᠲᠠᠢ ᠪᠠᠨ ᠠᠭᠤᠯᠵᠠᠬᠤ᠂ ︽ᠨᠠᠭᠠᠳᠤᠮ︾ ᠵᠡᠷᠭᠡ ᠠᠵᠢᠯᠯᠠᠭ᠎ᠠ ᠳᠤ ᠵᠠᠪᠠᠯ ᠳᠠᠭᠤᠯᠠᠳᠠᠭ ᠳᠠᠭᠤᠤ ᠶᠤᠮ᠂ ᠡᠨᠡ  ᠨᠢ‌ᠮᠣᠩᠭᠤᠯᠴᠤᠳ ᠤᠨ ᠣᠶᠤᠨ ᠰᠠᠨᠠᠭᠠᠨ ᠤ ᠲᠡᠦᠬᠡ ᠪᠠ ᠰᠣᠶᠣᠯ ᠤᠨ ᠬᠡᠪ ᠨᠠᠮᠪᠠ ᠶᠢ ᠪᠥᠬᠦ ᠲᠠᠯ᠎ᠠ ᠪᠠᠷ ᠲᠤᠰᠬᠠᠭᠰᠠᠨ ᠶᠤᠮ᠂ ᠡᠨᠡ‌ᠨᠢ ᠮᠣᠩᠭᠤᠯ ᠦᠨᠳᠦᠰᠦᠲᠡᠨ ᠤ ᠠᠷᠠᠳ ᠲᠦᠮᠡᠨ ᠤ ᠣᠶᠤᠨ ᠰᠠᠨᠠᠭᠠᠨ ᠤ ᠲᠡᠦᠬᠡ ᠪᠠ  ᠰᠣᠶᠣᠯ ᠤᠨ  ᠬᠡᠪ  ᠨᠠᠮᠪᠠ  ᠶᠢ  ᠪᠥᠬᠦ‌‍ᠲ᠋ᠠᠯ᠎ᠠ ᠪᠠᠷ ᠬᠠᠷᠠᠭᠤᠯᠵᠤ ᠪᠠᠶᠢᠭ᠎ᠠ ᠶᠤᠮ᠃ ᠤᠷᠲᠤ ᠶᠢᠨ ᠳᠠᠭᠤᠤ ᠶᠢᠨ ᠰᠤᠳᠤᠯᠤᠯ ᠨᠢ ᠳᠠᠭᠤᠤ ᠬᠥᠭᠵᠢᠮ ᠤᠨ ᠤᠬᠠᠭᠠᠨ ᠤ  ᠠᠯᠢ‌ᠣᠯᠠᠨ ᠰᠠᠯᠪᠤᠷᠢ ᠰᠢᠨᠵᠢᠯᠡᠭᠡᠨ ᠳᠤ ᠬᠤᠯᠪᠣᠭᠳᠠᠵᠤ᠂ ᠲᠡᠭᠦᠨ ᠤ ᠲᠤᠬᠠᠢ ᠰᠤᠳᠤᠯᠤᠯ ᠪᠠ ᠬᠠᠮᠠᠭᠠᠯᠠᠯᠲᠠ ᠨᠢ ᠦᠨᠡᠨ ᠳᠡᠭᠡᠨ  ᠥᠨᠢ‌ᠤᠳᠠᠭᠠᠨ ᠲᠡᠦᠬᠡ ᠲᠠᠢ ᠲᠠᠯ᠎ᠠ ᠨᠤᠲᠤᠭ ᠤᠨ ᠪᠣᠯᠪᠠᠰᠤᠨ ᠪᠠ ᠲᠠᠯ᠎ᠠ ᠨᠤᠲᠤᠭ ᠤᠨ  ᠰᠣᠶᠣᠯ ᠤᠨ  ᠲᠥᠷᠥᠯ  ᠵᠦᠢᠯ ᠤᠨ  ᠲᠤᠬᠠᠢ‌ᠬᠠᠮᠤᠭ ᠤᠨ ᠬᠦᠴᠦᠲᠡᠢ ᠤᠯᠠᠮᠵᠢᠯᠠᠯ ᠪᠠ ᠬᠠᠮᠠᠭᠠᠯᠠᠯᠲᠠ ᠪᠣᠯᠬᠤ ᠶᠤᠮ᠃ 
ᠢᠷᠡᠯᠲᠡ᠄ ᠳᠤᠮᠳᠠᠳᠤ ᠤᠯᠤᠰ ᠤᠨ ᠪᠣᠳᠠᠰ ᠤᠨ ᠪᠤᠰᠤ ᠰᠣᠶᠣᠯ ᠤᠨ ᠥᠪ ᠤᠨ ᠰᠦᠯᠵᠢᠶ᠎ᠡ