ᠭᠤᠷᠪᠠᠨ ᠬᠡᠦᠬᠡᠳ ᠠᠪᠤᠪᠠᠯ 10 ᠲᠦᠮᠡᠨ ᠲᠦᠭᠦᠷᠢᠭ ᠢᠶᠠᠷ ᠱᠠᠩᠨᠠᠨ᠎ᠠ︕
ᠨᠡᠶᠢᠲᠡᠯᠡᠭᠰᠡᠨ ᠴᠠᠭ᠄
2024/3/11
         ᠣᠶᠢᠷ᠎ᠠ ᠳᠤ ᠵᠠᠷᠢᠮ ᠵᠠᠭᠤᠴᠢᠯᠠᠭᠤᠷ ᠤᠨ ᠬᠢᠨ᠂ ᠾᠧᠨᠠᠨ ᠤ ᠨᠢᠭᠡᠨ ᠺᠣᠮᠫᠠᠨᠢ ᠶᠢᠨ ᠬᠢᠨ ᠬᠤᠶᠠᠷ ᠬᠡᠦᠬᠡᠳ ᠠᠪᠤᠭᠰᠠᠨ᠂ᠭᠤᠷᠪᠠᠨ ᠬᠡᠦᠬᠡᠳ ᠠᠪᠤᠭᠰᠠᠨ ᠠᠵᠢᠯᠲᠠᠨ ᠢᠶᠠᠨ ᠴᠥᠮ ᠱᠠᠩᠨᠠᠪᠠ︕ ︽ᠠᠵᠢᠯᠲᠠᠨ ᠠᠵᠢᠯᠴᠢᠨ ᠬᠤᠶᠠᠷ ᠬᠡᠦᠬᠡᠳ  ᠠᠪᠤᠪᠠᠯ  3ᠲᠦᠮᠡᠨ ᠲᠦᠭᠦᠷᠢᠭ ᠢᠶᠠᠷ ᠱᠠᠩᠨᠠᠵᠤ᠂ ᠭᠤᠷᠪᠠᠨ ᠬᠡᠦᠬᠡᠳ ᠠᠪᠤᠪᠠᠯ 10 ᠲᠦᠮᠡᠨ ᠲᠦᠭᠦᠷᠢᠭ ᠢᠶᠠᠷ  ᠱᠠᠩᠨᠠᠬᠤ︾  ᠨᠢ  ᠵᠥᠪᠬᠡᠨ‌ᠡᠮᠡᠭᠲᠡᠶ ᠠᠵᠢᠯᠲᠠᠨ ᠲᠡᠳᠦᠢ ᠪᠢᠰᠢ᠂ ᠲᠥᠰᠦᠯ ᠢᠶᠠᠷ ᠯᠠᠪᠯᠠᠯᠲᠠ ᠪᠣᠯᠭᠠᠨ᠂ ᠡᠷᠡᠭᠲᠡᠶ ᠠᠵᠢᠯᠲᠠᠨ  ᠠᠵᠢᠯᠴᠢᠨ ᠤ  ᠬᠡᠷ  ᠪᠦᠯᠢ  ᠨᠢ‌‍ᠬᠡᠦᠬᠡᠳ ᠠᠪᠤᠪᠠᠯ ᠪᠠᠰᠠ ᠵᠣᠬᠢᠬᠤ ᠬᠠᠷᠢᠴᠠᠯ ᠤᠨ ᠨᠥᠬᠦᠪᠥᠷᠢ ᠬᠦᠷᠳᠡᠵᠦ ᠪᠣᠯᠤᠨ᠎ᠠ᠃  ᠠᠵᠢᠯᠴᠢᠨ  ᠰᠢᠶᠣᠤ  ᠵᠧᠩ  ᠨᠢᠳᠤᠨᠤᠨ‌ᠢᠬᠡᠷ᠎ᠡ ᠬᠡᠦᠬᠡᠳ ᠲᠠᠢ ᠪᠤᠯᠤᠬᠰᠠᠨ ᠳᠤ᠂ ᠬᠦᠡᠭᠭᠡᠵᠢᠯᠳᠡ ᠶᠢᠨ ᠨᠥᠬᠦᠪᠥᠷᠢ ᠶᠢ ᠨᠢ ᠪᠠᠰᠠ 50 %  ᠪᠠᠷ  ᠨᠡᠮᠡᠭᠳᠡᠬᠦᠯᠵᠡᠶ  ᠭᠡᠵᠦ‌ᠮᠡᠳᠡᠭᠡᠯᠡᠪᠡ᠃          3 ᠰᠠᠷ᠎ᠠ ᠶᠢᠨ 4 ᠤ ᠡᠳᠦᠷ᠂ ᠲᠣᠰ ᠺᠣᠮᠫᠠᠨᠢ ᠶᠢᠨ ᠨᠢᠭᠡᠨ ᠠᠵᠢᠯᠲᠠᠨ  ᠰᠤᠷᠪᠤᠯᠵᠢᠯᠠᠭᠴᠢ ᠳᠤ  ᠬᠡᠯᠡᠬᠦ ᠳᠡᠭᠡᠨ᠂  ᠡᠨᠡ‌ᠤᠴᠢᠷ ᠨᠢ ᠦᠨᠡᠨ ᠶᠤᠮ᠂ 2022 ᠣᠨ ᠤ 1 ᠰᠠᠷ᠎ᠠ ᠶᠢᠨ 1 ᠤ ᠡᠳᠦᠷ ᠠᠴᠠ  ᠡᠬᠢᠯᠡᠨ  ᠬᠡᠷᠡᠭᠵᠢᠭᠦᠯᠪᠡ᠂  ᠣᠳᠣᠬᠠᠨ ᠳ᠋ᠤ᠋‌ᠨᠥ᠋ᠬᠦᠴᠡᠯ ᠳᠤ ᠨᠡᠶᠢᠴᠡᠬᠦ ᠲᠠᠪᠤ ᠵᠢᠷᠭᠤᠭᠠᠨ ᠠᠵᠢᠯᠲᠠᠨ ᠨᠢᠭᠡᠨᠲᠡ  ᠱᠠᠩᠨᠠᠯ  ᠣᠯᠵᠠᠶ᠂  ︽ᠪᠢᠳᠡ  ᠡᠭᠦᠨ ᠢ  ᠬᠡᠷᠡᠭᠵᠢᠭᠦᠯᠦᠭᠰᠡᠭᠡᠷ‌‍ᠪᠠᠶᠢᠨ᠎ᠠ︾ ᠭᠡᠪᠡ᠃          ᠲᠩᠷᠢ ᠶᠢᠨ ᠨᠢᠳᠦ ᠪᠠᠶᠢᠴᠠᠭᠠᠯᠲᠠ ᠶᠢᠨ App ᠳᠤ  ᠢᠯᠡᠷᠡᠭᠦᠯᠦᠭᠰᠡᠨ  ᠢᠶᠠᠷ᠂  ᠲᠣᠰ  ᠺᠣᠮᠫᠠᠨᠢ  ᠨᠢᠭᠡᠨᠲᠡ  ᠰᠢᠨ᠎ᠡ‌ᠭᠤᠷᠪᠠᠳᠤᠭᠠᠷ ᠰᠠᠮᠪᠠᠷ᠎ᠠ ᠳᠤ ᠫᠠᠶᠢᠰᠠ ᠡᠯᠭᠦᠨ ᠵᠠᠬ᠎ᠠ ᠳᠡᠯᠭᠡᠭᠦᠷ ᠲᠤ ᠭᠠᠷᠴᠤ᠂ ᠳᠠᠭᠠᠳᠬᠠᠯ ᠳᠤ ᠣᠷᠣᠯᠴᠠᠭᠰᠠᠨ ᠠᠵᠢᠯᠲᠠᠨ 554ᠬᠥᠮᠦᠨ ᠪᠠᠶᠢᠨ᠎ᠠ᠃         ᠰᠤᠷᠪᠤᠯᠵᠢᠯᠠᠭᠴᠢ ᠪᠠᠶᠢᠴᠠᠭᠠᠨ ᠯᠠᠪᠯᠠᠬᠤ ᠪᠠᠷ ᠲᠠᠮᠵᠢᠨ ᠮᠡᠲᠡᠭᠰᠡᠨ ᠢᠶᠠᠷ᠂  2022  ᠣᠨ ᠳᠤ᠂  ᠪᠠᠰᠠ  ᠭᠠᠳᠠᠭᠰᠢ︽baby︾ ᠲᠡᠳᠬᠦᠨ ᠳᠡᠮᠵᠢᠬᠦ ᠲᠥᠯᠥᠪᠯᠡᠭᠡ ᠨᠡᠶᠢᠲᠡᠯᠡᠪᠡ᠃ ᠲᠥᠯᠥᠪᠯᠡᠭᠡ ᠳᠤ᠂ ᠱᠠᠩᠨᠠᠯ ᠢ 2022 ᠣᠨ ᠤ 1 ᠰᠠᠷ᠎ᠠ ᠶᠢᠨ1 ᠤ ᠡᠳᠦᠷ ᠠᠴᠠ ᠡᠬᠢᠯᠡᠨ ᠵᠢᠩᠬᠢᠨᠢ ᠪᠠᠷ ᠬᠡᠷᠡᠭᠵᠢᠭᠦᠯᠵᠦ᠂ ︽ᠠᠵᠢᠯ ᠳᠤ ᠤᠷᠤᠭᠠᠳ ᠨᠢᠭᠡ  ᠵᠢᠯ ᠠᠴᠠ  ᠳᠡᠭᠡᠭᠰᠢ  ᠪᠣᠯᠤᠭᠰᠠᠨ‌ᠡᠮᠡᠭᠲᠡᠶ ᠠᠵᠢᠯᠲᠠᠨ ᠠᠵᠢᠯᠴᠢᠨ ᠨᠢ ᠠᠵᠢᠯᠯᠠᠵᠤ ᠪᠠᠶᠢᠭ᠎ᠠ  ᠬᠤᠭᠤᠴᠠᠭᠠᠨ  ᠳᠠᠭᠠᠨ  ᠬᠤᠶᠠᠷ  ᠬᠡᠦᠬᠡᠳ  ᠠᠪᠤᠪᠠᠯ  3  ᠲᠦᠮᠡᠨ‌‍ᠲ᠋ᠥ᠋ᠭᠦᠷᠢᠭ ᠤᠨ ᠬᠦᠡᠭᠭᠡᠵᠢᠯᠳᠡ ᠶᠢᠨ ᠨᠦᠬᠦᠪᠦᠷᠢ ᠦᠭᠴᠦ᠂  ᠭᠤᠷᠪᠠᠨ  ᠬᠡᠦᠬᠡᠳ  ᠠᠪᠤᠪᠠᠯ  10  ᠲᠦᠮᠡᠨ  ᠲᠥᠭᠦᠷᠢᠭ ‍ᠤᠨ‌‍ᠬᠦ᠋ᠡᠭᠭᠡᠵᠢᠯᠳᠡ  ᠶᠢᠨ ᠨᠥᠬᠦᠪᠥᠷᠢ ᠦᠭᠭᠦᠨ᠎ᠠ︾ ᠭᠡᠵᠦ ᠲᠣᠳᠣᠷᠬᠠᠶ ᠲᠣᠭᠲᠠᠭᠠᠪᠠ᠃         ᠡᠭᠦᠨ ᠳᠤ ᠤᠨᠴᠠᠭᠠᠶᠢᠯᠠᠨ ᠲᠣᠳᠣᠷᠬᠠᠶᠢᠯᠠᠬᠤ ᠵᠦᠢᠯ ᠭᠡᠪᠡᠯ᠂ ᠲᠥᠰᠦᠯ ᠢᠶᠠᠷ ᠯᠠᠪᠯᠠᠯᠲᠠ ᠪᠣᠯᠭᠠᠵᠤ᠂ ᠡᠷᠡᠭᠲᠡᠶ ᠠᠵᠢᠯᠲᠠᠨ‌ᠠᠵᠢᠯᠴᠢᠨ ᠤ ᠬᠡᠷ ᠪᠦᠯᠢ ᠨᠢ ᠬᠡᠦᠬᠡᠳ ᠠᠪᠤᠪᠠᠯ ᠮᠦᠨ ᠬᠦ ᠵᠣᠬᠢᠬᠤ ᠬᠠᠷᠢᠴᠠᠯ ᠤᠨ ᠨᠥᠬᠦᠪᠥᠷᠢ ᠭᠥᠷᠳᠡᠬᠦ ᠪᠣᠯᠤᠨ᠎ᠠ᠃          ᠦᠨᠡᠨ ᠳᠡᠭᠡᠨ ᠣᠶᠢᠷ᠎ᠠ ᠶᠢᠨ ᠵᠢᠯ ᠤᠳ ᠲᠤ ᠣᠯᠠᠨ ᠭᠠᠵᠠᠷ ᠤᠨ ᠣᠯᠠᠨ ᠠᠵᠤ ᠠᠬᠤᠶᠢᠯᠠᠯ ᠴᠥᠮ ᠬᠦᠡᠭᠭᠡᠵᠢᠯᠳᠡ ᠵᠢᠨ‌‍ᠱᠠᠩᠨᠠᠯ ᠤᠨ ᠲᠥᠷᠥ ᠶᠢᠨ ᠪᠣᠳᠣᠯᠭ᠎ᠠ ᠶᠢ ᠨᠡᠶᠢᠲᠡᠯᠡᠪᠡ᠂ ᠲᠥᠷᠥ ᠶᠢᠨ ᠪᠣᠳᠣᠯᠭ᠎ᠠ ᠨᠢ ᠭᠤᠤᠯᠳᠠᠭᠤ  ᠬᠦᠡᠭᠭᠡᠵᠢᠭᠰᠡᠨ  ᠠᠵᠢᠯᠲᠠᠨ  ᠢ‌‍ᠪᠡᠯᠡᠨ ᠵᠣᠭᠤᠰ ᠢᠶᠠᠷ ᠱᠠᠩᠨᠠᠬᠤ ᠳᠡᠭᠡᠷ᠎ᠡ ᠲᠥᠪᠯᠡᠷᠡᠵᠦ ᠪᠠᠶᠢᠨ᠎ᠠ᠃
ᠢᠷᠡᠯᠲᠡ᠄ ᠠᠷᠠᠳ ᠤᠨ ᠰᠥᠯᠵᠢᠶ᠎ᠡ