ᠰᠤᠷᠭᠠᠭᠤᠯᠢ ᠶᠢᠨ ᠬᠦᠷᠢᠶᠡᠨ ᠳᠤ ᠠᠪᠴᠤ ᠣᠷᠣᠵᠤ ᠪᠣᠯᠬᠤ ᠦᠭᠡᠢ︕ ᠭᠤᠷᠪᠠᠨ ᠰᠠᠯᠠᠭ᠎ᠠ ᠮᠥᠴᠢᠷ ᠬᠠᠮᠲᠤᠷᠠᠨ ᠠᠯᠪᠠᠨ ᠵᠠᠷ ᠨᠡᠶᠢᠲᠡᠯᠡᠪᠡ
ᠨᠡᠶᠢᠲᠡᠯᠡᠭᠰᠡᠨ ᠴᠠᠭ᠄
2024/2/5
        ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠶᠡᠷᠦᠩᠬᠡᠶ ᠲᠣᠪᠴᠢᠶ᠎ᠠ᠂ ᠰᠤᠷᠭᠠᠨ ᠬᠥᠮᠦᠵᠢᠯ ᠤᠨ ᠶᠠᠮᠤᠨ᠂  ᠠᠵᠤ‌ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠶᠠᠮᠤᠨ ᠬᠠᠮᠲᠤᠷᠠᠨ  ᠣᠶᠢᠷ᠎ᠠ ᠳᠤ  ᠠᠯᠪᠠᠨ  ᠵᠠᠷ  ᠨᠡᠶᠢᠲᠡᠯᠡᠵᠦ᠂  ᠬᠡᠦᠬᠡᠳ  ᠪᠠ‌‍ᠰᠤᠷᠤᠬᠴᠢ ᠶᠢᠨ ᠭᠤᠤᠯ ᠬᠡᠷᠡᠭᠰᠡᠯ ᠤᠨ ᠠᠮᠤᠷ ᠲᠦᠪᠰᠢᠨ ᠤ ᠬᠠᠮᠢᠶᠠᠷᠤᠯᠲᠠ ᠶᠢ ᠴᠢᠩᠭᠠᠳᠬᠠᠬᠤ ᠪᠠᠷ ᠪᠤᠢ᠃  ᠬᠡᠦᠬᠡᠳ  ᠪᠣᠯᠤᠨ‌‍ᠰᠤᠷᠤᠬᠴᠢ ᠶᠢᠨ ᠬᠡᠷᠡᠭᠰᠡᠯ ᠦᠢᠯᠡᠳᠪᠦᠷᠢᠯᠡᠬᠦ ᠨᠢᠭᠡᠴᠡ ᠨᠦᠭᠦᠳ ᠤᠯᠤᠰ ᠤᠨ ᠬᠤᠯᠪᠣᠭᠳᠠᠯ ᠪᠦᠬᠦᠢ  ᠠᠯᠪᠠᠳᠠᠯᠭ᠎ᠠ ᠶᠢᠨ  ᠴᠢᠨᠠᠷᠲᠠᠶ‌‍ᠪᠠᠷᠢᠮᠵᠢᠶ᠎ᠠ ᠶᠢᠨ ᠱᠠᠭᠠᠷᠳᠠᠯᠭ᠎ᠠ ᠶᠢ ᠴᠢᠩᠭ᠎ᠠ ᠵᠢᠷᠤᠮᠯᠠᠨ ᠵᠣᠬᠢᠶᠠᠨ ᠪᠠᠶᠢᠭᠤᠯᠤᠨ ᠦᠢᠯᠡᠳᠪᠦᠷᠢᠯᠡᠵᠦ᠂ ᠬᠡᠷᠡᠭᠯᠡᠬᠦ  ᠦᠶ᠎ᠡ ᠳᠤ  ᠠᠮᠤᠷ‌‍ᠲ᠋ᠦ᠋ᠪᠰᠢᠨ ᠤ ᠲᠦᠭᠰᠢᠭᠦᠷᠢ ᠲᠠᠢ ᠪᠤᠶᠤ ᠬᠦᠴᠦᠷᠬᠡᠭᠯᠡᠯ ᠤᠨ ᠬᠡᠯᠪᠡᠷᠢᠯ ᠢ  ᠠᠮᠠᠷᠬᠠᠨ  ᠡᠭᠦᠰᠭᠡᠬᠦ  ᠬᠡᠦᠬᠡᠳ  ᠪᠠ  ᠰᠤᠷᠤᠭᠴᠢ ᠵᠢᠨ‌‍ᠬᠡᠷᠡᠭᠰᠡᠯ ᠵᠢᠴᠢ ᠲᠤᠰᠤᠨ ᠪᠢᠷ ᠤᠨ ᠬᠢᠲᠤᠭ᠎ᠠ᠂  ᠯᠤᠤᠪᠠᠩ ᠤᠨ  ᠬᠢᠲᠤᠭ᠎ᠠ᠂  ᠯᠠᠶᠢᠰᠧᠷ  ᠪᠢᠷ᠂  ᠪᠣᠯᠣᠷ  ᠰᠢᠪᠠᠷ᠂  ᠰᠣᠷᠢᠨᠵᠢᠨ‌‍ᠬᠦ᠋ᠴᠦᠨ ᠤ ᠪᠦᠮᠪᠦᠭᠡᠯᠢᠭ᠂ ᠬᠠᠮᠠᠷ ᠢᠶᠠᠷ ᠢᠶᠠᠨ ᠰᠣᠷᠣᠬᠤ ᠮᠠᠶ᠋ᠢᠭ  ᠤᠨ ᠲᠤᠬᠯᠠᠭᠠᠮ᠂ ᠯᠠᠴᠠ ᠲᠠᠮᠠᠭ᠎ᠠ᠂  ᠬᠡᠦᠬᠡᠳ ᠤᠨ  ᠲᠣᠭᠤᠭᠠᠨ‌‍ᠭᠡᠷ ᠤᠨ ᠭᠡᠷᠡᠭᠰᠡᠯ ᠤᠨ ᠲᠤᠬᠯᠠᠭᠠᠮ  ᠵᠡᠷᠭᠡ  ᠰᠢᠨ᠎ᠡ  ᠦᠢᠯᠡᠳᠬᠦᠨ  ᠢ  ᠡᠵᠡᠩᠨᠡᠨ  ᠪᠣᠷᠣᠯᠠᠭᠤᠯᠬᠤ ᠳᠠᠭᠠᠨ  ᠬᠦᠴᠦᠷᠬᠡᠭᠯᠡᠯ ‍ᠤᠨ‌ᠠᠭᠤᠯᠭ᠎ᠠ ᠶᠢ ᠤᠬᠠᠭᠤᠯᠬᠤ ᠪᠠ ᠪᠤᠷᠤᠭᠤ ᠪᠠᠷ ᠬᠥᠲᠥᠯᠬᠦ ᠴᠢᠨᠠᠷᠲᠠᠶ ᠵᠢᠱᠢᠶ᠎ᠡ ᠦᠵᠡᠭᠦᠯᠵᠦ ᠪᠣᠯᠬᠤ  ᠦᠭᠡᠶ᠃  ᠰᠤᠷᠭᠠᠭᠤᠯᠢ ᠵᠢᠨ‌ᠡᠷᠭᠢᠨ ᠲᠣᠭᠤᠷᠢᠨ ᠳᠠᠬᠢ ᠲᠡᠯᠭᠡᠭᠦᠷ ᠤᠨ ᠶᠠᠰᠤ ᠴᠢᠨᠠᠷ ᠤᠨ ᠠᠮᠤᠷ ᠲᠦᠪᠰᠢᠨ ᠤ ᠲᠦᠭᠰᠢᠭᠦᠷᠢ ᠶᠢᠨ  ᠳᠠᠯᠳᠠ  ᠭᠡᠮ  ᠣᠷᠣᠰᠢᠵᠤ‌ᠮᠡᠳᠡᠬᠦ ᠬᠡᠦᠬᠡᠳ ᠪᠠ ᠰᠤᠷᠤᠭᠴᠢ ᠶᠢᠨ ᠬᠡᠷᠡᠭᠰᠡᠯ ᠢ ᠬᠤᠳᠠᠯᠳᠤᠨ ᠪᠣᠷᠣᠯᠠᠭᠤᠯᠬᠤ  ᠶᠠᠪᠤᠳᠠᠯ ᠳᠤ  ᠵᠠᠬ᠎ᠠ  ᠳᠡᠯᠭᠡᠭᠦᠷ ᠤᠨ  ᠬᠢᠨᠠᠯᠲᠠ‌ᠬᠠᠮᠢᠶᠠᠷᠤᠯᠲᠠ ᠶᠢᠨ ᠰᠠᠯᠠᠭ᠎ᠠ ᠮᠥᠴᠢᠷ ᠤᠨ ᠬᠢᠨ ᠭᠤᠣᠯᠳᠠᠯᠭ᠎ᠠ ᠲᠠᠢ ᠬᠢᠨᠠᠯᠲᠠ ᠬᠠᠮᠢᠶᠠᠷᠤᠯᠲᠠ  ᠬᠢᠬᠦ ᠬᠡᠷᠡᠭᠲᠡᠶ᠃        ᠡᠯ᠎ᠡ ᠭᠠᠵᠠᠷ ᠤᠨ ᠰᠤᠷᠭᠠᠨ ᠬᠥᠮᠦᠵᠢᠯ ᠤᠨ  ᠰᠠᠯᠠᠭ᠎ᠠ  ᠮᠥᠴᠢᠷ  ᠨᠢ  ᠰᠤᠷᠭᠠᠭᠤᠯᠢ ᠶᠢ  ᠬᠦᠳᠦᠯᠦᠨ  ᠵᠢᠯᠤᠭᠤᠳᠴᠤ‌‍ᠪᠠᠶᠢᠭᠠᠳ ᠰᠤᠷᠭᠠᠭᠤᠯᠢ ᠶᠢᠨ ᠬᠦᠷᠢᠶᠡᠨ ᠤ ᠠᠮᠤᠷ ᠲᠦᠪᠰᠢᠨ ᠤ ᠬᠠᠮᠢᠶᠠᠷᠤᠯᠲᠠ ᠶᠢ  ᠴᠢᠩᠳᠠᠯᠠᠵᠤ᠂  ᠤᠬᠠᠭᠤᠯᠭ᠎ᠠ  ᠬᠥᠮᠦᠵᠢᠯ ᠢ‌‍ᠴᠢᠩᠭᠠᠳᠬᠠᠵᠦ᠂ ᠰᠤᠷᠤᠭᠴᠢᠳ ᠤᠨ ᠦᠢᠯᠡᠳᠬᠦᠨ ᠤ ᠶᠠᠰᠤ ᠴᠢᠨᠠᠷ ᠤᠨ ᠠᠮᠤᠷ ᠲᠦᠪᠰᠢᠨ ᠤ ᠪᠠᠷᠢᠮᠵᠢᠶ᠎ᠠ ᠳᠤ ᠨᠡᠶᠢᠴᠡᠬᠦ  ᠦᠭᠡᠶ᠂ᠬᠦᠴᠦᠷᠬᠡᠭᠯᠡᠯ ᠠᠮᠠᠷᠬᠠᠨ ᠡᠭᠦᠰᠭᠡᠬᠦ ᠵᠡᠷᠭᠡ ᠮᠠᠭᠤ ᠦᠢᠯᠡ  ᠠᠵᠢᠯᠯᠠᠭ᠎ᠠ ᠶᠢᠨ  ᠬᠡᠯᠪᠡᠷᠢᠯ ᠲᠠᠢ  ᠬᠡᠦᠬᠡᠳ  ᠪᠠ  ᠰᠤᠷᠤᠬᠴᠢ  ᠵᠢᠨ‌‍ᠬᠡᠷᠡᠭᠰᠡᠯ ᠢ  ᠠᠪᠴᠤ  ᠰᠤᠷᠭᠠᠭᠤᠯᠢ ᠶᠢᠨ  ᠬᠦᠷᠢᠶᠡᠨ ᠳᠤ  ᠣᠷᠣᠬᠤ ᠶᠢ  ᠬᠤᠷᠢᠬᠯᠠᠬᠤ  ᠬᠡᠷᠡᠭᠲᠡᠶ᠃  ᠡᠯ᠎ᠡ  ᠱᠠᠲᠤᠨ ᠤ  ᠵᠠᠬ᠎ᠠ‌‍ᠲ᠋ᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠰᠠᠯᠠᠭ᠎ᠠ ᠮᠥᠴᠢᠷ ᠨᠢ ᠬᠡᠦᠬᠡᠳ ᠪᠠ ᠰᠤᠷᠤᠬᠴᠢ ᠶᠢᠨ ᠭᠤᠤᠯ ᠬᠡᠷᠡᠭᠰᠡᠯ ᠢ  ᠬᠢᠨᠠᠯᠲᠠ‌‍ᠲ᠋ᠠᠯᠪᠢᠵᠤ ᠰᠤᠭᠤᠴᠢᠨ ᠪᠠᠶᠢᠴᠠᠭᠠᠬᠤ ᠲᠥᠯᠥᠪᠯᠡᠭᠡ ᠳᠤ ᠣᠷᠣᠭᠤᠯᠬᠤ ᠭᠡᠷᠡᠭᠳᠡᠢ ᠭᠡᠵᠦ ᠱᠠᠭᠠᠷᠳᠠᠵᠠᠢ᠃
ᠢᠷᠡᠯᠲᠡ᠄ ᠠᠷᠠᠳ ᠤᠨ ᠰᠥᠯᠵᠢᠶ᠎ᠡ