ᠰᠤᠷᠭᠠᠨ ᠬᠥᠮᠦᠵᠢᠯ ᠤᠨ ᠶᠠᠮᠤᠨ᠄ ᠵᠢᠯ ᠪᠦᠷᠢ 2 ᠲᠦᠮᠡᠨ ᠦᠳᠡᠯᠦᠭᠡ ᠨᠠᠰᠤᠨ ᠤ ᠪᠠᠭᠰᠢ ᠨᠠᠷ ᠢ ᠰᠢᠯᠢᠨ ᠰᠣᠩᠭᠤᠵᠤ ᠠᠷᠠᠳ ᠠᠴᠠ ᠡᠷᠭᠢᠯᠡᠭᠰᠡᠨ ᠰᠤᠷᠭᠠᠨ ᠬᠥᠮᠦᠵᠢᠯ ᠢ ᠳᠡᠮᠵᠢᠬᠦ ᠪᠠᠷ ᠲᠥᠯᠥᠪᠯᠡᠵᠦ ᠪᠠᠶᠢᠨ᠎ᠠ
ᠨᠡᠶᠢᠲᠡᠯᠡᠭᠰᠡᠨ ᠴᠠᠭ᠄
2024/2/27
         ᠰᠤᠷᠭᠠᠨ ᠬᠥᠮᠦᠵᠢᠯ ᠤᠨ ᠶᠠᠮᠤᠨ ᠤ ᠠᠯᠪᠠᠨ ᠲᠢᠩᠬᠢᠮ ᠲᠦᠷᠦᠭᠦᠬᠡᠨ ᠮᠡᠳᠡᠭᠳᠡᠯ ᠪᠠᠭᠤᠯᠭᠠᠵᠤ᠂ ᠦᠳᠡᠯᠦᠭᠡ ᠨᠠᠰᠤᠨ  ‍ᠤ‌‍ᠪᠠᠭᠰᠢ ᠨᠠᠷ ᠤᠨ ᠠᠷᠠᠳ ᠠᠴᠠ ᠡᠷᠭᠢᠯᠡᠭᠰᠡᠨ ᠰᠤᠷᠭᠠᠨ ᠬᠥᠮᠦᠵᠢᠯ ᠢ ᠳᠡᠮᠵᠢᠬᠦ ᠠᠵᠢᠯᠯᠠᠭ᠎ᠠ ᠶᠢᠨ ᠬᠤᠯᠪᠣᠭᠳᠠᠯ ᠪᠥᠬᠦᠶ  ᠠᠵᠢᠯ ‍ᠤᠨ‌‍ᠲ᠋ᠤᠬᠠᠶ ᠪᠠᠶᠢᠷᠢᠯᠠᠭᠤᠯᠤᠯᠲᠠ ᠬᠢᠪᠠ᠃ ᠨᠢᠭᠡ ᠪᠦᠯᠦᠭ ᠠᠵᠢᠯ ᠠᠴᠠ ᠪᠠᠨ ᠠᠮᠠᠷᠠᠭᠰᠠᠨ ᠰᠢᠯᠢᠳᠡᠭ ᠪᠠᠭᠰᠢ ᠶᠢ  ᠰᠢᠯᠢᠨ  ᠰᠣᠩᠭᠤᠬᠤ‌ᠠᠵᠢᠯ ᠢ ᠵᠣᠬᠢᠶᠠᠨ ᠪᠠᠶᠢᠭᠤᠯᠵᠤ᠂ ᠡᠯ᠎ᠡ ᠱᠠᠲᠤᠨ ᠤ ᠡᠯ᠎ᠡ ᠲᠥᠷᠥᠯ ᠤᠨ ᠠᠷᠠᠳ ᠠᠴᠠ ᠡᠷᠭᠢᠯᠡᠭᠰᠡᠨ  ᠰᠤᠷᠭᠠᠭᠤᠯᠢ᠂  ᠢᠯᠠᠩᠭᠤᠶ᠎ᠠ‌ᠠᠷᠠᠳ ᠠᠴᠠ ᠡᠷᠭᠢᠯᠡᠭᠰᠡᠨ ᠳᠡᠭᠡᠳᠦ  ᠰᠤᠷᠭᠠᠭᠤᠯᠢ ᠳᠤ  ᠬᠠᠨᠳᠤᠭᠤᠯᠤᠨ  ᠰᠤᠷᠭᠠᠨ  ᠬᠥᠮᠦᠵᠢᠯ ᠢ  ᠳᠡᠮᠵᠢᠬᠦ᠂  ᠰᠤᠳᠤᠯᠭᠠᠨ ᠳ᠋ᠤ᠋‌‍ᠲ᠋ᠤᠰᠠᠯᠠᠬᠤ ᠠᠵᠢᠯ ᠥᠷᠨᠢᠭᠦᠯᠵᠦ᠂ ᠵᠢᠯ ᠪᠦᠷᠢ 2 ᠲᠦᠮᠡᠨ ᠪᠠᠭᠰᠢ ᠶᠢ ᠰᠣᠩᠭᠤᠨ ᠲᠣᠮᠢᠯᠠᠬᠤ ᠪᠠᠷ ᠲᠥᠯᠥᠪᠯᠡᠵᠦ ᠪᠠᠶᠢᠨ᠎ᠠ᠃         ᠰᠦᠯᠵᠢᠶᠡᠨ ᠭᠠᠳᠠᠨ᠎ᠠ ᠰᠤᠷᠭᠠᠨ ᠬᠥᠮᠦᠵᠢᠯ ᠢ ᠳᠡᠮᠵᠢᠬᠦ ᠰᠤᠳᠤᠯᠭᠠᠨ ᠢ ᠥᠷᠨᠢᠭᠦᠯᠬᠦ ᠪᠠᠷ ᠭᠤᠶᠤᠴᠢᠯᠠᠭᠰᠠᠨ ᠦᠳᠡᠯᠦᠭᠡ‌ᠨᠠᠰᠤᠨ ᠤ ᠪᠠᠭᠰᠢ ᠶᠢᠨ ᠨᠠᠰᠤ ᠶᠢ  ᠡᠩ ᠤᠨ  ᠪᠠᠶᠢᠳᠠᠯ ᠳᠤ  75  ︵ᠪᠠᠭᠲᠠᠨ᠎ᠠ︶  ᠪᠠᠷ  ᠬᠢᠵᠠᠭᠠᠷᠯᠠᠵᠤ᠂  ᠰᠠᠭᠤᠷᠢ  ᠰᠤᠷᠭᠠᠨ‌‍ᠬᠥ᠋ᠮᠦᠵᠢᠯ ᠤᠨ ᠬᠦᠷᠢᠶ᠎ᠡ ᠴᠠᠷᠠᠭ᠎ᠠ ᠳᠤ ᠣᠷᠣᠯᠴᠠᠬᠤ ᠪᠠᠭᠰᠢ ᠶᠢᠨ ᠨᠠᠰᠤ  ᠶᠢ ᠡᠩ ᠤᠨ  ᠪᠠᠶᠢᠳᠠᠯ ᠳᠤ  70  ︵ᠪᠠᠭᠲᠠᠨ᠎ᠠ︶   ᠪᠡᠷ‌‍ᠬᠢᠵᠠᠭᠠᠷᠯᠠᠨ᠎ᠠ᠃         ᠮᠡᠳᠡᠭᠳᠡᠯ ᠳᠤ᠂ ᠦᠳᠡᠯᠦᠭᠡ ᠨᠠᠰᠤᠨ ᠤ ᠪᠠᠭᠰᠢ ᠶᠢᠨ  ᠪᠠᠷᠠᠭᠤᠨ  ᠣᠷᠣᠨ᠂  ᠦᠨᠳᠦᠰᠦᠲᠡᠨ ᠤ  ᠭᠠᠵᠠᠷ  ᠣᠷᠣᠨ ‍ᠤ‌ᠠᠷᠠᠳ ᠠᠴᠠ ᠡᠷᠭᠢᠯᠡᠭᠰᠡᠨ ᠰᠤᠷᠭᠠᠭᠤᠯᠢ ᠳᠤ ᠤᠴᠢᠵᠦ᠂ ᠠᠵᠢᠯ ᠲᠥᠷᠥᠯ᠂ ᠠᠵᠤ  ᠦᠢᠯᠡᠰ᠂  ᠠᠵᠤ  ᠠᠬᠤᠶᠢᠯᠠᠯ ᠳᠤ  ᠪᠠᠴᠢᠮ‌‍ᠱᠠᠭᠠᠷᠳᠠᠭᠳᠠᠬᠤ ᠳᠤᠲᠠᠭᠳᠠᠵᠤ ᠪᠠᠶᠢᠭ᠎ᠠ ᠲᠤᠰᠬᠠᠶ ᠮᠡᠷᠭᠡᠵᠢᠯ ᠳᠤ  ᠣᠷᠣᠯᠴᠠᠵᠤ᠂  ᠠᠷᠠᠳ ᠠᠴᠠ  ᠡᠷᠭᠢᠯᠡᠭᠰᠡᠨ  ᠰᠤᠷᠭᠠᠭᠤᠯᠢ ᠵᠢ‌ᠬᠠᠪᠰᠤᠷᠤᠨ  ᠳᠤᠲᠠᠭᠤᠳᠠᠯ ᠢ ᠨᠢ  ᠨᠥᠬᠦᠪᠥᠷᠢᠯᠡᠵᠦ᠂  ᠪᠠᠭᠤᠷᠠᠶ  ᠲᠠᠯ᠎ᠠ ᠶᠢ ᠨᠢ  ᠬᠦᠴᠦᠷᠬᠡᠭᠵᠢᠭᠦᠯᠵᠦ᠂   ᠶᠠᠰᠤ   ᠴᠢᠨᠠᠷ ᠢ ᠨᠢ‌‍ᠲ᠋ᠡᠭᠡᠭᠰᠢᠯᠡᠭᠦᠯᠬᠦ ᠶᠢ  ᠵᠣᠷᠢᠭᠵᠢᠭᠤᠯᠤᠨ᠎ᠡ᠃  ᠠᠷᠠᠳ ᠠᠴᠠ  ᠡᠷᠭᠢᠯᠡᠭᠰᠡᠨ  ᠰᠤᠷᠭᠠᠭᠤᠯᠢ ᠶᠢᠨ  ︽ᠵᠢᠯᠣᠭᠤᠳᠣᠭᠴᠢ  ᠪᠠᠭᠰᠢ ᠵᠢᠨ‌‍ᠲ᠋ᠦ᠋ᠷᠢᠮ︾ ᠢ ᠰᠦᠪᠡᠭᠴᠢᠯᠡᠨ ᠬᠡᠷᠡᠭᠵᠢᠭᠦᠯᠵᠤ᠂ ᠥᠨᠳᠥᠷ ᠬᠡᠪ ᠴᠢᠨᠠᠷ ᠪᠥᠬᠦᠶ ᠦᠳᠡᠯᠦᠭᠡ  ᠨᠠᠰᠤᠨ  ᠤ  ᠪᠠᠭᠰᠢ  ᠶᠢᠨ  ᠵᠠᠯᠠᠭᠤ‌‍ᠪᠠᠭᠰᠢ ᠶᠢᠨ  ᠵᠢᠯᠣᠭᠤᠳᠣᠭᠴᠢ  ᠪᠣᠯᠵᠤ᠂  ᠪᠠᠭᠰᠢ ᠶᠢᠨ  ᠤᠯᠠᠮᠵᠢᠯᠠᠨ  ᠵᠠᠯᠭᠠᠮᠵᠢᠯᠠᠬᠤ  ᠦᠢᠯᠡᠳᠦᠯ  ᠢᠶᠠᠨ  ᠪᠠᠳᠠᠷᠠᠭᠤᠯᠬᠤ  ᠶᠢ ᠵᠣᠷᠢᠭᠵᠢᠭᠤᠯᠤᠨ᠎ᠠ ᠭᠡᠵᠦ ᠲᠤᠷᠠᠳᠴᠡᠢ᠃         ᠮᠡᠳᠡᠭᠳᠡᠯ ᠳᠤ᠂ ᠦᠳᠡᠯᠦᠭᠡ ᠨᠠᠰᠤᠨ ᠤ ᠪᠠᠭᠰᠢ ᠶᠢᠨ ᠲᠤᠰᠠᠯᠠᠨ ᠦᠢᠯᠡᠴᠢᠯᠡᠬᠦ  ᠴᠠᠭ ᠢ  ᠵᠠᠷᠴᠢᠮ  ᠳᠡᠭᠡᠷ᠎ᠡ ᠪᠠᠨ  1ᠰᠤᠷᠤᠯᠭ᠎ᠠ ᠶᠢᠨ ᠵᠢᠯ ᠠᠴᠠ ᠳᠤᠲᠠᠭᠤ ᠥᠬᠡᠶ ᠪᠠᠶᠢᠯᠭᠠᠵᠤ᠂ ᠲᠤᠰᠠᠯᠠᠮᠵᠢ ᠭᠥᠷᠳᠡᠬᠦ ᠰᠤᠷᠭᠠᠭᠤᠯᠢ ᠶᠢᠨ ᠰᠤᠷᠭᠠᠨ ᠬᠥᠮᠦᠵᠢᠯ ᠵᠢᠭᠠᠨ‌‍ᠰᠤᠷᠭᠠᠯᠲᠠ ᠵᠢᠴᠢ ᠬᠠᠮᠢᠶᠠᠷᠤᠯᠲᠠ ᠶᠢᠨ ᠬᠡᠷᠡᠭᠴᠡᠭᠡ ᠶᠢ  ᠦᠨᠳᠦᠰᠦᠯᠡᠨ᠂  ᠳᠡᠮᠵᠢᠬᠦ  ᠠᠵᠢᠯ ᠢ  ᠠᠮᠢᠳᠤᠯᠢᠭ ᠢᠶᠠᠷ  ᠥᠷᠨᠢᠭᠦᠯᠵᠦ‌‍ᠪᠣᠯᠤᠨ᠎ᠠ ᠭᠡᠵᠦ ᠲᠤᠳᠤᠷᠬᠠᠶᠢᠯᠠᠪᠠ᠃ 
ᠢᠷᠡᠯᠲᠡ᠄ ᠠᠷᠠᠳ ᠤᠨ ᠰᠥᠯᠵᠢᠶ᠎ᠡ