ᠮᠤᠩᠭᠤᠯᠴᠤᠳ ᠤᠨ ᠤᠵᠤᠭᠤᠷ ᠰᠤᠶᠤᠯ — ᠤᠪᠤᠭᠠᠨ ᠲᠠᠬᠢᠯᠭ᠎ᠠ
ᠨᠡᠶᠢᠲᠡᠯᠡᠭᠰᠡᠨ ᠴᠠᠭ᠄
2024/1/18
        ᠡᠷᠳᠡ ᠤᠵᠤᠭᠤᠷ ᠠᠴᠠ ᠠᠪᠤᠭᠠᠳ ᠲᠡᠭᠷᠢ ᠡᠴᠢᠭᠡᠳᠤ ᠮᠤᠩᠭᠤᠯᠴᠤᠳ ᠮᠠᠨᠢ ᠦᠨᠳᠤᠷ ᠭᠠᠵᠠᠷ ᠰᠢᠳᠤᠭᠡᠨ ᠤᠪᠤᠭ᠎ᠠ ᠪᠠᠨ ᠪᠤᠰᠬᠠᠵᠤ ᠡᠴᠢᠭᠡ ᠲᠡᠭᠷᠢ ᠲᠠᠢ ᠪᠠᠨ ᠬᠠᠷᠢᠴᠠᠨ᠂ ᠦᠷᠭᠡᠨ ᠲᠠᠯ᠎ᠠ ᠳᠤ ᠮᠤᠩᠭᠤᠯ ᠭᠡᠷ ᠢᠶᠠᠨ ᠪᠠᠶᠢᠭᠤᠯᠵᠤ᠂ ᠮᠠᠯᠵᠢᠬᠤ ᠠᠮᠢᠳᠤᠷᠠᠯ ᠢᠶᠠᠨ ᠡᠷᠬᠢᠯᠡᠭᠡᠳ ᠬᠦᠯᠦᠭ ᠤᠨ ᠨᠢᠷᠤᠭᠤᠨ ᠲᠡᠭᠡᠷ᠎ᠠ ᠬᠦᠮᠤᠨ ᠤ ᠶᠢᠷᠳᠢᠨᠴᠤ ᠶᠢ ᠬᠤᠷᠢᠶᠠᠵᠤ ᠶᠠᠪᠤᠬᠰᠠᠨ ᠢᠷᠠᠭᠤ ᠠᠯᠳᠠᠷᠳᠤ ᠲᠡᠤᠭᠡ ᠲᠠᠢ ᠶᠤᠮ᠃        ᠤᠪᠤᠭ᠎ᠠ ᠪᠤᠯ ᠮᠤᠩᠭᠤᠯᠴᠤᠳ ᠤᠨ ᠡᠷᠳᠡ ᠢᠵᠠᠭᠤᠷ ᠤᠨ ᠡᠪᠦᠭᠡ ᠲᠡᠭᠡᠳᠤᠰ ᠠᠴᠠ ᠤᠯᠠᠮᠵᠢᠯᠠᠬᠰᠠᠨ ᠵᠦᠭ ᠴᠢᠭᠯᠡᠯ᠂ ᠠᠭᠤᠯᠠ ᠤᠰᠤᠨ ᠤ ᠬᠠᠭᠤᠯᠪᠤᠷᠢ᠂ ᠭᠤᠤ ᠭᠠᠨᠭ᠍ᠭ᠎ᠠ᠂ ᠪᠡᠷᠭᠡ ᠪᠠᠷᠳᠠᠭᠠᠨ ᠤ ᠲᠡᠮᠳᠡᠭ ᠶᠤᠮ᠂ ᠮᠦᠨ ᠴᠤ ᠮᠤᠩᠭᠤᠯᠴᠤᠳ ᠤᠨ ᠦᠨᠢ ᠤᠳᠠᠭᠠᠨ ᠤ ᠲᠡᠭᠷᠢ ᠭᠠᠵᠠᠷ᠂ ᠤᠰᠤ ᠯᠤᠤᠰ᠂ ᠪᠤᠷᠬᠠᠨ ᠰᠠᠬᠢᠭᠤᠯᠰᠤᠨ ᠳᠤ ᠲᠠᠬᠢᠯ ᠲᠠᠪᠢᠭ ᠡᠷᠭᠦᠳᠡᠭ ᠶᠠᠨᠳᠠᠷ ᠪᠤᠯᠤᠨ᠎ᠠ᠃ ᠡᠷᠳᠡᠨ ᠳᠡᠭᠡᠨ ᠮᠤᠩᠭᠤᠯᠴᠤᠳ ᠠᠭᠤᠯᠠ ᠤᠰᠤ᠂ ᠪᠠᠷᠭᠡ ᠪᠠᠷᠳᠠᠭ᠎ᠠ᠂ ᠭᠠᠳᠠᠭ᠎ᠠ ᠪᠠᠷ ᠵᠤᠷᠴᠢᠬᠤ ᠳᠠᠭᠠᠨ ᠬᠡᠳᠤᠨ ᠴᠢᠯᠠᠭᠤ ᠮᠤᠳᠤ ᠤᠪᠤᠭᠠᠯᠠᠵᠤ ᠲᠡᠮᠳᠡᠭ ᠲᠠᠯᠪᠢᠳᠠᠭ ᠪᠠᠶᠢᠵᠠᠢ᠃ ᠪᠠᠰᠠ ᠲᠡᠭᠷᠢ ᠭᠠᠵᠠᠷ ᠪᠤᠶᠤ ᠪᠠᠶᠢᠭᠠᠯᠢ ᠶᠢᠨ ᠶᠠᠩᠵᠤ ᠪᠦᠷᠢ ᠶᠢᠨ ᠦᠵᠡᠭᠳᠡᠯ ᠢ ᠡᠯᠳᠡᠪ ᠢᠶᠠᠷ ᠲᠠᠭᠠᠮᠠᠬᠯᠠᠵᠤ᠂ ᠲᠠᠭᠦᠨ ᠢ ᠪᠦᠷ ᠨᠢᠭᠤᠴᠠ ᠲᠠᠯᠳᠠ ᠶᠢᠨ ᠷᠢᠳᠢ ᠰᠢᠳᠢ ᠲᠠᠢ ᠡᠵᠡᠳ ᠰᠠᠬᠢᠭᠤᠯᠰᠤᠨ ᠲᠠᠢ ᠬᠡᠵᠤ ᠲᠦᠰᠦᠭᠡᠯᠡᠵᠤ ᠢᠳᠡᠭᠡᠭᠡᠳ ᠬᠡᠳᠤᠨ ᠴᠢᠯᠠᠭᠤ ᠤᠪᠤᠭᠠᠯᠠᠵᠤ ᠪᠠᠯᠠᠷᠯᠢᠭ ᠦᠶ᠎ᠠ ᠶᠢᠨ ᠲᠠᠬᠢᠯ ᠮᠦᠷᠭᠦᠯ ᠦᠢᠯᠡᠳᠴᠤ ᠪᠠᠶᠢᠵᠠᠢ᠃ ᠮᠤᠩᠭᠤᠯᠴᠤᠳ ᠤᠨ ᠤᠪᠤᠭᠠᠨ ᠲᠠᠬᠢᠯᠭ᠎ᠠ ᠪᠤᠯ ᠮᠦᠨᠴᠤ ᠠᠭᠤᠯᠠ ᠬᠠᠶᠢᠷᠠᠬᠠᠨ᠂ ᠭᠤᠤᠯ ᠤᠰᠤ᠂ ᠡᠪᠡᠰᠤ ᠮᠤᠳᠤ ᠪᠠᠨ ᠬᠠᠶᠢᠷᠠᠯᠠᠨ ᠬᠠᠮᠠᠭᠠᠯᠠᠬᠰᠠᠨ ᠴᠢᠬᠤᠯᠠ ᠠᠵᠢᠯᠯᠠᠭᠠᠨ ᠪᠤᠯᠬᠤ ᠶᠤᠮ᠃       ᠤᠪᠤᠭᠠᠨ ᠲᠠᠬᠢᠯᠭ᠎ᠠ ᠪᠤᠯ ᠪᠦᠭᠡ ᠶᠢᠨ ᠱᠠᠰᠢᠨ ᠢ ᠰᠢᠳᠤᠳᠡᠭ ᠮᠤᠩᠭᠤᠯᠴᠤᠳ ᠤᠨ ᠤᠵᠤᠭᠤᠷ ᠰᠤᠶᠤᠯ ᠮᠦᠨ᠃ ᠮᠤᠩᠭᠤᠯᠴᠤᠳ ᠪᠦᠭᠡ ᠶᠢ ᠲᠡᠭᠷᠢ ᠶᠢᠨ ᠡᠯᠴᠢ᠂ ᠲᠡᠭᠷᠢ ᠪᠠ ᠬᠦᠮᠤᠨ ᠤ ᠬᠤᠭᠤᠷᠤᠨᠳᠤᠬᠢ ᠵᠠᠭᠤᠴᠢ ᠬᠡᠵᠤ ᠦᠵᠡᠳᠡᠭ᠃ ᠪᠦᠭᠡ ᠶᠢᠨ ᠦᠭᠡ ᠪᠤᠯ ᠲᠠᠷᠤᠢ ᠠᠯᠢᠪᠠ ᠶᠢ ᠪᠦᠳᠦᠭᠡᠭᠴᠢ ᠲᠡᠭᠷᠢ ᠶᠢ ᠲᠦᠯᠦᠭᠡᠯᠡᠭᠰᠡᠨ ᠦᠭᠡ ᠬᠡᠨ᠎ᠠ᠃ ᠲᠤᠬᠠᠢ ᠶᠢᠨ ᠦᠶ᠎ᠠ ᠶᠢᠨ ᠪᠦᠭᠡ ᠪᠤᠯ ᠬᠦᠮᠤᠰ ᠤᠨ ᠰᠡᠳᠬᠢᠯ ᠳᠤ ᠬᠠᠮᠤᠭ ᠪᠢᠰᠢᠷᠠᠭᠦᠰᠢᠳᠡᠢ ᠶᠡᠭᠡ ᠡᠷᠳᠡᠮᠳᠡᠨ ᠮᠦᠨ᠃ ᠲᠡᠳᠡᠭᠡᠷ ᠠᠯᠳᠠᠷ ᠬᠦᠨᠳᠤᠳᠠᠢ ᠪᠦᠭᠡ ᠨᠠᠷ ᠨᠢ ᠡᠪᠡᠳᠴᠢᠨ ᠦᠵᠡᠭᠦ᠂ ᠵᠠᠶᠠᠭ᠎ᠠ ᠪᠤᠳᠤᠬᠤ᠂ ᠲᠦᠯᠭᠡ ᠦᠵᠡᠭᠦ ᠪᠠ ᠡᠳᠤᠷ ᠦᠵᠡᠭᠦ ᠂ ᠤᠳᠤᠨ ᠤᠷᠤᠨ᠂ ᠨᠠᠷᠠᠨ ᠰᠠᠷᠠᠨ ᠤ ᠪᠠᠶᠢᠳᠠᠯ ᠢ ᠰᠢᠨᠵᠢᠭᠦ ᠬᠠᠷᠢᠭᠤᠴᠠᠯᠭ᠎ᠠ ᠲᠠᠢ ᠪᠠᠶᠢᠵᠠᠢ᠃ ᠪᠦᠭᠡ ᠶᠢᠨ ᠱᠠᠰᠢᠨ ᠤ ᠨᠦᠯᠦᠭᠡ ᠶᠢ ᠬᠦᠨ ᠬᠦᠷᠳᠡᠭᠰᠡᠨ ᠬᠤᠷᠴᠢᠨ ᠮᠤᠩᠭᠤᠯᠴᠤᠳ ᠲᠦᠮᠠᠨ ᠪᠤᠳᠠᠰ ᠢ ᠪᠦᠷ ᠰᠦᠭ ᠰᠦᠨᠠᠰᠤ ᠲᠠᠢ᠂ ᠪᠦᠷ ᠨᠠᠪᠳᠠᠭ ᠰᠠᠪᠳᠠᠭ ᠤᠷᠤᠰᠢᠵᠤ ᠬᠦᠮᠤᠨ ᠠᠮᠢᠳᠠᠨ ᠤ ᠬᠦᠭᠵᠢᠯ ᠪᠠᠳᠠᠷᠠᠯ ᠢ ᠢᠪᠡᠭᠡᠨ ᠰᠤᠶᠤᠷᠬᠠᠵᠤ᠂ ᠬᠡᠮᠵᠢᠶᠠᠯᠠᠰᠢ ᠦᠭᠡᠢ ᠲᠠᠷᠬᠠᠨ ᠤᠡᠭᠭᠤᠨ ᠷᠢᠳᠢ ᠰᠢᠳᠢ ᠲᠠᠢ ᠬᠡᠵᠤ ᠰᠢᠳᠤᠨ ᠪᠢᠰᠢᠷᠠᠭᠡᠳ᠂ ᠦᠨᠳᠤᠷ ᠭᠠᠵᠠᠷ᠂ ᠠᠭᠤᠯᠠ ᠬᠦᠳᠤᠯ᠂ ᠵᠠᠮ ᠤᠨ ᠠᠭᠤᠯᠵᠠᠷ᠂ ᠡᠭᠡᠷᠡᠮ᠎ᠠ ᠲᠠᠯ᠎ᠠ ᠲᠡᠭᠡᠷ᠎ᠠ ᠤᠪᠤᠭ᠎ᠠ ᠪᠤᠰᠬᠠᠭᠠᠳ ᠲᠤᠬᠠᠢ ᠶᠢᠨ ᠭᠠᠵᠠᠷ ᠤᠨ ᠡᠵᠡᠳ ᠰᠠᠬᠢᠭᠤᠯᠰᠤᠨ ᠢ ᠤᠨᠴᠠᠯᠠᠨ ᠬᠦᠨᠳᠤᠳᠭᠡᠨ ᠲᠠᠬᠢᠳᠠᠭ᠃ ᠰᠢᠷ᠎ᠠ ᠶᠢᠨ ᠱᠠᠰᠢᠨ ᠮᠤᠩᠭᠤᠯ ᠤᠷᠤᠨ ᠳᠤ ᠲᠡᠯᠭᠡᠷᠡᠭᠰᠡᠨ ᠤ ᠲᠠᠷᠠᠭ᠎ᠠ ᠪᠦᠭᠡ ᠮᠦᠷᠭᠦᠯ ᠤᠨ ᠰᠢᠳᠦᠯᠭᠡ ᠶᠢᠨ ᠪᠠᠶᠢᠷᠢ ᠰᠠᠭᠤᠷᠢ ᠲᠤᠷᠤᠬᠰᠢᠯᠠᠵᠤ᠂ ᠤᠪᠤᠭᠠᠨ ᠲᠠᠬᠢᠯᠭ᠎ᠠ ᠶᠢ ᠪᠦᠭᠡ ᠢᠳᠤᠭᠡᠨ ᠨᠠᠷ ᠡᠷᠬᠢᠯᠡᠨ ᠬᠢᠳᠡᠭ ᠪᠠᠶᠢᠬᠰᠠᠨ ᠠᠴᠠ ᠯᠠᠮᠠ ᠨᠠᠷ ᠡᠷᠬᠢᠯᠨᠨ ᠬᠢᠬᠦ ᠪᠤᠯᠤᠬᠰᠠᠨ ᠪᠠᠶᠢᠨ᠎ᠠ᠃            ᠤᠪᠤᠭᠠᠨ ᠲᠠᠬᠢᠯᠭ᠎ᠠ ᠶᠢᠨ ᠶᠤᠰᠤᠨ ᠤ ᠡᠭᠦᠰᠤᠯ       ᠡᠷᠳᠡ ᠢᠵᠡᠭᠤᠷ ᠠᠴᠠ ᠮᠤᠩᠭᠤᠯᠴᠤᠳ ᠤᠨ ᠡᠪᠦᠭᠡ ᠲᠠᠭᠡᠳᠤᠰ ᠤᠷᠤᠰᠢᠯ ᠨᠤᠳᠤᠭ᠂ ᠭᠤᠯᠤᠮᠳᠠ ᠭᠠᠵᠠᠷ ᠲᠡᠭᠡᠷ᠎ᠠ ᠪᠠᠨ ᠦᠶ᠎ᠠ ᠶᠢᠨ ᠦᠶ᠎ᠠ᠂ ᠠᠴᠢ ᠶᠢᠨ ᠠᠴᠢ ᠳᠤ ᠠᠵᠤ ᠲᠦᠷᠦᠨ ᠠᠮᠢᠳᠤᠷᠠᠨ ᠤᠷᠤᠰᠢᠬᠤ ᠳᠠᠭᠠᠨ ᠠᠭᠤᠯᠠ ᠬᠠᠶᠢᠷᠠᠬᠠᠨ ᠤ ᠡᠵᠡᠳ ᠰᠡᠬᠢᠭᠤᠯᠰᠤᠨ᠂ ᠭᠠᠵᠠᠷ ᠤᠰᠤᠨ ᠤ ᠨᠠᠪᠳᠠᠭ ᠰᠠᠪᠳᠠᠭ ᠢᠶᠠᠨ ᠡᠷᠡᠭᠦᠯ ᠡᠩᠭᠡ᠂ ᠦᠭᠡᠳᠡᠯᠡᠯ ᠲᠡᠭᠵᠢᠷᠡᠯ᠂ ᠰᠠᠶᠢᠨ ᠰᠠᠶᠢᠬᠠᠨ ᠤ ᠦᠮᠦᠭ ᠲᠦᠰᠢᠭ ᠬᠡᠵᠤ ᠦᠵᠡᠨ ᠲᠠᠰᠤᠷᠠᠯᠳᠠ ᠦᠭᠡᠢ ᠲᠠᠬᠢᠵᠤ ᠪᠠᠶᠢᠬᠰᠠᠨ ᠮᠦᠷ ᠤᠯᠠᠪᠠᠭ᠎ᠠ ᠨᠢ ᠲᠠᠤᠭᠡᠨ ᠰᠤᠷᠪᠤᠯᠵᠢ ᠪᠢᠴᠢᠭ ᠤᠳ ᠲᠤ ᠤᠯᠠᠨ ᠬᠠᠷᠠᠬᠳᠠᠳᠠᠭ ᠪᠠᠶᠢᠨ᠎ᠠ᠃ ︽ᠰᠤᠳᠤᠷ ᠲᠡᠮᠳᠡᠭᠯᠡᠯ᠂ ᠡᡁᠦ᠋ᠡᠭᠨᠤ ᠶᠢᠨ ᠨᠠᠮᠳᠠᠷ︾ ᠲᠤ ︽ᠲᠠᠪᠤᠳᠤᠭᠠᠷ ᠰᠠᠷ᠎ᠠ ᠳᠤ ᠯᠦᠡᠭᠴᠸᠡᠭ ᠬᠤᠳᠠ ᠳᠤ ᠶᠡᠭᠡ ᠴᠢᠭᠤᠯᠭᠠᠨ ᠪᠤᠯᠵᠤ ᠲᠡᠳᠡᠨ ᠤ ᠡᠪᠦᠭᠡ ᠲᠡᠭᠡᠳᠤᠰ ᠲᠡᠭᠷᠢ ᠭᠠᠵᠠᠷ ᠤᠷᠤᠨ ᠰᠠᠬᠢᠭᠤᠯᠰᠤᠨ ᠢᠶᠠᠨ ᠲᠠᠬᠢᠮᠤᠢ︾ ᠬᠡᠵᠠᠢ᠃ ︽ᠵᠡᠭᠦᠨ ᠬᠠᠨ ᠤᠯᠤᠰ ᠤᠨ ᠪᠢᠴᠢᠭ︾ ᠲᠤ ︽ᠡᡁᠦ᠋ᠡᠭᠨᠤᠴᠤᠳ ᠴᠠᠭᠠᠨ ᠰᠠᠷ᠎ᠠ᠂ ᠲᠠᠪᠤᠨ ᠰᠠᠷ᠎ᠠ᠂ ᠶᠢᠰᠤᠨ ᠰᠠᠷ᠎ᠠ ᠳᠤ ᠴᠢᠭᠤᠯᠭᠠᠨ ᠪᠤᠯᠵᠤ ᠲᠠᠬᠢᠯᠭ᠎ᠠ ᠬᠢᠬᠦ ᠳᠡᠭᠡᠨ ᠮᠤᠷᠢ ᠲᠠᠪᠬᠢᠭᠤᠯᠵᠤ᠂ ᠲᠡᠮᠡᠭᠡ ᠤᠷᠤᠯᠳᠤᠭᠤᠯᠳᠠᠭ︾ ᠬᠡᠵᠠᠢ᠃ ︽ᠤᠮᠠᠷᠠᠳᠤ ᠲᠡᠤᠭᠡ ᠂ ᠭᠤᠤᠴᠧ ᠶᠢᠨ ᠨᠠᠮᠳᠠᠷ︾ ᠲᠤ ︽ᠲᠠᠪᠤᠳᠤᠭᠠᠷ ᠵᠠᠭᠤᠨ ᠤ ᠲᠤᠮᠳᠠᠴᠢ ᠪᠠᠷ ᠤᠮᠠᠷᠠᠳᠤ ᠸᠧᠢ ᠤᠯᠤᠰ ᠤᠨ ᠸᠤᠨ ᠠᠨ ᠬᠠᠭᠠᠨ ᠤ ᠦᠶ᠎ᠠ ᠳᠤ ︿ᠲᠠᠪᠤᠨ ᠠᠶᠢᠮᠠᠭ ᠭᠤᠤᠴᠧ ᠤᠬᠰᠠᠭᠠᠳᠠᠨ﹀ ᠴᠢᠭᠤᠯᠭᠠᠨ ᠪᠤᠯᠵᠤ ᠲᠡᠭᠷᠢ ᠳᠤ ᠲᠠᠬᠢᠯᠭ᠎ᠠ ᠡᠷᠭᠦᠭᠦ ᠳᠤ ᠬᠡᠳᠤᠨ ᠲᠦᠮᠠᠨ ᠬᠦᠮᠤᠨ ᠬᠤᠷᠠᠵᠤ᠂ ᠮᠤᠷᠢ ᠤᠷᠤᠯᠳᠤᠨ᠂ ᠮᠠᠯ ᠭᠠᠷᠭᠠᠵᠤ᠂ ᠲᠠᠭᠤᠯᠠᠨ ᠨᠠᠶᠢᠷᠯᠠᠵᠤ᠂ ᠴᠡᠩᠭᠡᠯᠳᠤᠨ ᠪᠦᠵᠢᠭᠯᠡᠪᠡ︾ ᠬᠡᠵᠡᠢ᠃ ᠲᠤᠰ ᠨᠤᠮ ᠳᠤ ᠪᠠᠰᠠ ᠬᠠᠯᠬ᠎ᠠ ᠳᠠᠬᠢ ᠬᠡᠷᠤᠯᠤᠨ ᠤ ᠪᠠᠶᠠᠨ ᠤᠯᠠᠭᠠᠨ ᠤ ᠤᠷᠬᠢᠯ ᠲᠡᠭᠡᠷ᠎ᠠ ᠴᠢᠩᠬᠢᠰ ᠬᠠᠭᠠᠨ ᠤ ᠬᠤᠷᠢᠨ ᠲᠤᠯᠤᠭᠠᠨ ᠨᠠᠰᠤᠨ ᠲᠡᠭᠡᠷ᠎ᠠ ᠪᠠᠨ ᠬᠠᠭᠠᠨ ᠰᠠᠭᠤᠬᠰᠠᠨ ᠢ ᠪᠡᠯᠭᠡᠯᠡᠵᠤ ᠪᠤᠰᠬᠠᠬᠰᠠᠨ ᠬᠤᠷᠢᠨ ᠲᠤᠯᠤᠭᠠᠨ ᠤᠪᠤᠭ᠎ᠠ ᠨᠢ ᠤᠳᠤ ᠪᠤᠯᠳᠠᠯ᠎ᠠ ᠪᠠᠶᠢᠬᠰᠠᠭᠠᠷ ᠬᠡᠵᠤ ᠲᠡᠮᠳᠡᠭᠯᠡᠵᠠᠢ᠃ ᠯᠤᠪᠰᠠᠩᠴᠦ᠋ᠢᠳᠠᠨ ᠤ ︽ᠮᠤᠩᠭᠤᠯ ᠤᠨ ᠵᠠᠩ ᠠᠭᠠᠯᠢ ᠶᠢᠨ ᠦᠢᠯᠡᠪᠤᠷᠢ︾ ᠳᠡᠭᠡᠨ ︽ᠤᠪᠤᠭ᠎ᠠ ᠲᠠᠬᠢᠬᠰᠠᠨ ᠤᠴᠢᠷ ᠪᠤᠯᠪᠠᠰᠤ ᠶᠡᠭᠡ ᠡᠷᠳᠡ ᠴᠠᠭ ᠲᠡᠭᠷᠢ ᠶᠢ ᠰᠢᠳᠤᠵᠤ ᠠᠭᠤᠯᠠ ᠤᠰᠤᠨ ᠳᠤᠷ ᠠᠯᠢᠪᠠ ᠶᠢ ᠲᠠᠭᠠᠳᠬᠠᠨ ᠶᠠᠪᠤᠵᠤ ᠪᠠᠶᠢᠬᠰᠠᠨ ᠴᠠᠭ᠂ ᠤᠯᠠᠨ ᠡᠳᠤᠷ ᠴᠢᠭᠤᠯᠭᠠᠨ ᠪᠤᠯᠵᠤ ᠠᠭᠤᠯᠠ ᠪᠤᠶᠤ ᠶᠡᠭᠡ ᠮᠦᠷᠠᠨ ᠭᠤᠤᠯ ᠡᠰᠠ ᠪᠦᠭᠡᠰᠤ ᠶᠡᠭᠡ ᠨᠠᠭᠤᠷ ᠪᠤᠢ᠂ ᠡᠳᠡᠭᠡᠷ ᠭᠠᠵᠠᠷ ᠢ ᠰᠤᠩᠭᠤᠵᠤ ᠲᠠᠬᠢᠯᠭ᠎ᠠ ᠶᠢᠨ ᠤᠷᠤᠨ ᠪᠤᠯᠭᠠᠵᠤ ᠶᠡᠭᠡ ᠬᠦᠨᠳᠤᠳᠭᠡᠮᠤᠢ︾ ᠬᠡᠰᠡᠨ ᠪᠠᠶᠢᠨ᠎ᠠ᠃ ᠡᠳᠡᠭᠡᠷ ᠲᠡᠤᠭᠡᠨ ᠰᠤᠷᠪᠤᠯᠵᠢ ᠲᠡᠮᠳᠡᠭᠯᠡᠯ ᠠᠴᠠ ᠪᠢᠳᠠ ᠤᠪᠤᠭᠠᠨ ᠲᠠᠬᠢᠯᠭ᠎ᠠ ᠶᠢᠨ ᠶᠤᠰᠤᠨ ᠤ ᠡᠭᠦᠰᠤᠯ ᠴᠠᠭ ᠦᠶ᠎ᠠ ᠶᠢ ᠲᠤᠯᠤᠭ᠎ᠠ᠂ ᠨᠠᠢᠮᠠᠳᠤᠭᠠᠷ ᠵᠠᠭᠤᠨ ᠬᠡᠭᠦ ᠪᠤᠶᠤ ᠡᠭᠦᠨ ᠠᠴᠠ ᠨᠠᠩ ᠡᠷᠳᠡ ᠦᠶ᠎ᠠ ᠳᠤ ᠴᠤ ᠪᠠᠶᠢᠵᠤ ᠮᠡᠳᠡᠨ᠎ᠠ ᠬᠡᠵᠤ ᠤᠢᠢᠯᠠᠭᠠᠨ᠎ᠠ᠃              ᠤᠪᠤᠭᠠᠨ ᠤ ᠲᠦᠷᠦᠯ ᠵᠦᠢᠯ         ᠲᠠᠬᠢᠯᠭ᠎ᠠ ᠶᠢᠨ ᠤᠪᠤᠭᠠᠨ ᠤ ᠲᠦᠷᠦᠯ ᠵᠦᠢᠯ ᠤᠯᠠᠨ ᠪᠠᠶᠢᠳᠠᠭ᠃ ᠶᠠᠷᠦᠩᠭᠡᠢ ᠳᠤᠨᠢ ᠬᠤᠷᠢᠶᠠᠩᠭᠤᠢᠢᠯᠠᠵᠤ ᠦᠵᠡᠪᠡᠯ᠂ ᠲᠡᠭᠷᠢ ᠶᠢᠨ ᠤᠪᠤᠭ᠎ᠠ᠂ ᠬᠦᠮᠤᠨ ᠤ ᠤᠪᠤᠭ᠎ᠠ᠂ ᠰᠠᠪᠳᠠᠭ ᠤᠨ ᠤᠪᠤᠭ᠎ᠠ᠂ ᠲᠡᠮᠳᠡᠭ ᠤᠪᠤᠭ᠎ᠠ ᠬᠡᠵᠤ ᠬᠡᠳᠤ ᠬᠤᠪᠢᠶᠠᠵᠤ ᠪᠤᠯᠤᠨ᠎ᠠ᠃ ᠤᠪᠤᠭ᠎ᠠ ᠶᠢᠨ ᠪᠦᠳᠦᠴᠠ ᠪᠠᠷ ᠨᠢ ᠰᠢᠷᠤᠢ ᠶᠢᠨ ᠤᠪᠤᠭ᠎ᠠ᠂ ᠲᠤᠭᠤᠰᠬᠠᠨ ᠤᠪᠤᠭ᠎ᠠ᠂ ᠴᠢᠯᠠᠭᠤᠨ ᠤᠪᠤᠭ᠎ᠠ᠂ ᠮᠤᠳᠤᠨ ᠤᠪᠤᠭ᠎ᠠ ᠬᠡᠵᠤ ᠬᠤᠪᠢᠶᠠᠳᠠᠭ᠃    ᠮᠤᠩᠭᠤᠯᠴᠤᠳ ᠤᠤᠯ ᠨᠢ ᠭᠠᠭᠴᠠ ᠤᠪᠤᠭ᠎ᠠ ᠲᠠᠬᠢᠳᠠᠭ ᠪᠠᠶᠢᠵᠠᠢ᠃ ᠰᠡᠭᠦᠯᠡᠷ ᠨᠢ ᠲᠦᠭᠦᠷᠡᠩ ᠤᠪᠤᠭ᠎ᠠ᠂ ᠬᠤᠶᠠᠷ ᠤᠪᠤᠭ᠎ᠠ᠂ ᠭᠤᠷᠪᠠᠨ ᠤᠪᠤᠭ᠎ᠠ᠂ ᠲᠦᠷᠪᠠᠨ ᠤᠪᠤᠭ᠎ᠠ᠂ ᠲᠠᠪᠤᠨ ᠤᠪᠤᠭ᠎ᠠ᠂ ᠲᠤᠯᠤᠭᠠᠨ ᠤᠪᠤᠭ᠎ᠠ᠂ ᠶᠢᠰᠤᠨ ᠤᠪᠤᠭ᠎ᠠ ᠂ ᠠᠷᠪᠠᠨ ᠭᠤᠷᠪᠠᠨ ᠤᠪᠤᠭ᠎ᠠ᠂ ᠬᠤᠷᠢᠨ ᠲᠤᠯᠤᠭᠠᠨ ᠤᠪᠤᠭ᠎ᠠ᠂ ᠤᠯᠠᠨ ᠤᠪᠤᠭ᠎ᠠ ᠬᠡᠵᠤ ᠠᠩᠬᠢᠯᠠᠳᠠᠭ ᠪᠠ ᠲᠦᠭᠦᠷᠡᠩ ᠤᠪᠤᠭ᠎ᠠ ᠠᠴᠠ ᠪᠤᠰᠤᠳ ᠨᠢ ᠭᠤᠤᠯ ᠤᠪᠤᠭ᠎ᠠ ᠪᠠ ᠪᠠᠭ᠎ᠠ ᠤᠪᠤᠭ᠎ᠠ ᠬᠡᠵᠤ ᠪᠠᠶᠢᠨ᠎ᠠ᠃ ᠭᠤᠤᠯ ᠤᠪᠤᠭ᠎ᠠ ᠶᠢ ᠨᠢ ᠨᠤᠶᠠᠨ ᠤᠪᠤᠭ᠎ᠠ᠂ ᠵᠠᠩᠵᠤᠨ ᠤᠪᠤᠭ᠎ᠠ᠂ ᠶᠡᠭᠡ ᠤᠪᠤᠭ᠎ᠠ᠂ ᠪᠦᠳᠦᠭᠦᠨ ᠤᠪᠤᠭ᠎ᠠ᠂ ᠲᠦᠪ ᠤᠪᠤᠭ᠎ᠠ ᠬᠡᠵᠤ ᠨᠠᠷᠠᠯᠡᠳᠡᠭ᠃ ᠪᠠᠭ᠎ᠠ ᠤᠪᠤᠭ᠎ᠠ ᠶᠢ ᠨᠢ ᠪᠰᠠ ᠱᠠᠪᠢ ᠤᠪᠤᠭ᠎ᠠ᠂ ᠭᠤᠴᠤᠭ ᠤᠪᠤᠭ᠎ᠠ᠂ ᠬᠠᠷᠠᠭᠤᠯ ᠤᠪᠤᠭ᠎ᠠ᠂ ᠬᠤᠶᠠᠭ ᠤᠪᠤᠭ᠎ᠠ᠂ ᠰᠦᠪᠡᠭᠡ ᠤᠪᠤᠭ᠎ᠠ᠂ ᠲᠠᠭᠠᠯᠳᠠ ᠤᠪᠤᠭ᠎ᠠ ᠬᠡᠵᠤ ᠬᠡᠯᠡᠳᠡᠭ᠃ ︽ᠲᠦᠭᠦᠷᠡᠩ ᠤᠪᠤᠭ᠎ᠠ︾ ᠪᠤᠯ ᠦᠨᠡᠨᠳᠡᠭᠡᠨ ᠭᠠᠭᠴᠠ ᠤᠪᠤᠭ᠎ᠠ ᠶᠢ ᠵᠢᠭᠠᠵᠤ ᠪᠠᠶᠢᠨ᠎ᠠ᠃ ᠬᠡᠪᠡᠴᠤ ︽ᠮᠤᠩᠭᠤᠯ ᠬᠦᠮᠤᠨ ᠪᠡᠯᠭᠡ ᠪᠠᠷ︾ ᠬᠡᠵᠤ ᠭᠠᠭᠴᠠ ᠪᠤᠶᠤ ᠨᠢᠭᠡ ᠬᠡᠭᠦ ᠠᠴᠠ ᠵᠠᠶᠢᠯᠠᠭᠤᠯᠵᠤ ᠲᠦᠭᠦᠷᠡᠩ ᠬᠡᠵᠤ ᠨᠡᠷᠡᠯᠡᠭᠰᠡᠨ ᠪᠠᠶᠢᠨ᠎ᠠ᠃ ᠡᠶᠢᠨᠭᠦ ᠤᠤᠯ ᠤᠨ ᠭᠠᠭᠴᠠ ᠤᠪᠤᠭ᠎ᠠ ᠲᠠᠬᠢᠳᠠᠭ ᠪᠠᠶᠢᠬᠰᠠᠨ ᠠᠴᠠ ᠪᠠᠨ ︽ᠲᠤᠤᠷ᠎ᠠ ᠭᠤᠴᠢᠨ ᠭᠤᠷᠪᠠᠨ ᠲᠡᠭᠷᠢ ᠡᠳᠤᠭᠡᠨ ᠡᠭᠡ︾ ᠶᠢ ᠰᠢᠳᠤᠵᠤ ᠭᠤᠴᠢᠨ ᠭᠤᠷᠪᠠᠨ ᠤᠪᠤᠭ᠎ᠠ ᠪᠠᠶᠢᠬᠰᠠᠨ ᠪᠠ ᠬᠤᠪᠢᠯᠠᠢ ᠰᠠᠴᠠᠨ ᠬᠠᠭᠠᠨ ᠲᠦᠪᠡᠳ ᠤᠨ ᠫᠠᠭᠪᠠ ᠯᠠᠮᠠ ᠠᠴᠠ ᠶᠡᠭᠡ ᠬᠦᠯᠭᠡᠨ ᠰᠤᠳᠤᠷ ᠤᠨ ᠬᠦᠨ ᠤᠳᠬ᠎ᠠ ᠶᠢ ᠰᠤᠨᠤᠰᠴᠤ ᠮᠠᠰᠢᠳᠠ ᠪᠢᠰᠢᠷᠠᠨ ᠱᠠᠩᠳᠤ ᠪᠠᠯᠭᠠᠳ ᠤᠨ ᠡᠷᠬᠢᠨ ᠲᠤᠭᠤᠷᠢᠨ ᠳᠤ ᠵᠠᠭᠤ ᠨᠠᠢᠮᠠᠨ ᠤᠪᠤᠭ᠎ᠠ ᠪᠤᠰᠬᠠᠵᠠᠢ ᠬᠡᠳᠡᠭ᠃       ᠲᠡᠭᠷᠢ ᠶᠢᠨ ᠤᠪᠤᠭ᠎ᠠ ᠪᠤᠯ ᠪᠦᠭᠡ ᠮᠦᠷᠬᠦᠯ ᠶᠢᠨ ᠱᠠᠰᠢᠨ ᠤ ᠨᠦᠯᠦᠭᠡ ᠪᠠᠷ ︽ᠮᠦᠡᠭᠭᠡ ᠲᠡᠭᠷᠢ ᠶᠢᠨ ᠬᠦᠴᠤᠨᠳᠤᠷ ᠁︾ ᠬᠡᠵᠤ ᠲᠡᠭᠷᠢ ᠶᠢ ᠰᠢᠳᠤᠳᠡᠭ ᠮᠤᠩᠭᠤᠯᠴᠤᠳ ᠤᠨ ᠪᠦᠬᠦ᠋ᠢᠯᠡ ᠲᠠᠬᠢᠯᠭ᠎ᠠ ᠶᠢᠨ ᠤᠪᠤᠭᠠᠨ ᠤ ᠲᠤᠳᠤᠷᠠᠬᠢ ᠬᠠᠮᠤᠭ ᠤᠨ ᠠᠩᠬᠠᠨ ᠤ ᠤᠪᠤᠭ᠎ᠠ ᠳᠤ ᠲᠤᠭᠠᠴᠠᠬᠳᠠᠬᠤ ᠶᠤᠮ᠃ ᠲᠡᠭᠷᠢ ᠶᠢᠨ ᠤᠪᠤᠭᠠᠨ ᠳᠤ ᠰᠦᠯᠳᠡ ᠲᠡᠭᠷᠢ ᠶᠢᠨ ᠤᠪᠤᠭ᠎ᠠ᠂ ᠤᠡᠭᠭᠤᠨ ᠲᠡᠭᠷᠢ ᠶᠢᠨ ᠤᠪᠤᠭ᠎ᠠ᠂ ᠲᠤᠬᠰᠢᠨ ᠲᠡᠭᠷᠢ ᠶᠢᠨ ᠤᠪᠤᠭ᠎ᠠ ᠁ ᠬᠡᠵᠤ ᠤᠯᠠᠨ ᠵᠦᠢᠯ ᠪᠠᠶᠢᠳᠠᠭ᠃ ᠲᠠᠬᠢᠳᠠᠭ ᠲᠡᠭᠷᠢ ᠨᠢ ᠶᠡᠷᠦᠨᠢ ᠶᠠᠷᠢ ᠶᠢᠰᠤᠨ ᠲᠡᠭᠷᠢ ᠪᠠᠷᠠᠭᠤᠨ ᠲᠠᠪᠢᠨ ᠲᠠᠪᠤᠨ ᠲᠡᠭᠷᠢ᠂ ᠵᠡᠭᠦᠨ ᠲᠦᠴᠢᠨ ᠲᠦᠷᠪᠡᠨ ᠲᠡᠭᠷᠢ ᠪᠠᠶᠢᠬᠤ ᠪᠠ ᠲᠡᠭᠡᠷ᠎ᠠ ᠶᠡᠷᠢ ᠶᠢᠰᠤᠨ ᠮᠦᠡᠭᠭᠡ ᠲᠡᠭᠷᠢ ᠶᠢᠨ ᠰᠠᠬᠢᠭᠤᠯᠰᠤᠨ ᠲᠠᠢ ᠬᠡᠵᠤ ᠦᠵᠡᠨ᠎ᠠ᠃ ᠲᠤᠬᠠᠢᠢᠯᠠᠪᠠᠯ᠂ ᠡᠳ ᠬᠦᠷᠦᠩᠭᠡ ᠶᠢ ᠨᠡᠮᠡᠭᠳᠡᠭᠦᠯᠵᠤ᠂ ᠠᠳᠤᠭᠤ ᠮᠠᠯ ᠦᠷᠡᠵᠢᠭᠦᠯᠦᠭᠴᠢ ︽ᠡᠯᠪᠡᠭᠰᠡᠭᠦᠢ ᠲᠡᠭᠷᠢ︾᠂ ᠤᠢ ᠤᠬᠠᠭᠠᠨ ᠢ ᠨᠡᠮᠡᠭᠳᠡᠭᠦᠯᠦᠭᠴᠢ ︽ᠰᠦᠳᠡᠨ ᠲᠡᠭᠷᠢ︾᠂ ᠠᠡᠭ ᠬᠦᠷᠦᠭᠡ ᠤᠯᠭᠤᠳᠠᠭ ︽ᠮᠠᠨᠠᠬᠠᠨ ᠲᠡᠭᠷᠢ︾᠂ ᠡᠷᠡᠭᠦᠯ ᠰᠠᠶᠢᠬᠠᠨ ᠢ ᠬᠠᠮᠠᠭᠠᠯᠠᠬᠤ ︽ᠠᠨᠠᠷᠪᠠ ᠲᠡᠭᠷᠢ︾᠂ ︽ᠲᠠᠷᠢᠶ᠎ᠠ ᠶᠢ ᠠᠷᠪᠢᠳᠬᠠᠬᠴᠢ ᠲᠡᠭᠷᠢ︾᠂ ︽ᠬᠤᠷ᠎ᠠ ᠪᠠᠭᠤᠯᠭᠠᠬᠴᠢ ᠲᠡᠭᠷᠢ︾ ᠬᠡᠭᠦ ᠵᠡᠷᠭᠡ ᠪᠤᠢ᠃       ᠬᠦᠮᠤᠨ ᠤ ᠤᠪᠤᠭ᠎ᠠ ᠳᠤ ᠬᠠᠭᠠᠨ ᠢᠵᠠᠭᠤᠷᠳᠠᠨ ᠤ ᠲᠠᠬᠢᠳᠠᠭ ︽ᠠᠯᠳᠠᠨ ᠤᠪᠤᠭ᠎ᠠ︾ ᠬᠡᠵᠤ ᠪᠠᠶᠢᠨ᠎ᠠ᠃       ᠬᠠᠭᠠᠨ ᠬᠦᠮᠤᠨ ᠤ ᠤᠪᠤᠭ᠎ᠠ ᠶᠢ ᠦᠨᠳᠤᠷ ᠠᠭᠤᠯᠠᠨ ᠤ ᠤᠷᠬᠢᠯ ᠪᠤᠰᠬᠠᠳᠠᠭ᠃ ᠦᠨᠳᠤᠰᠤᠳᠡᠨ ᠤᠬᠰᠠᠭᠠᠳᠠᠨ ᠤ ᠪᠠᠨ ᠂ ᠠᠶᠢᠮᠠᠭ ᠲᠦᠷᠦᠯ ᠤᠨ ᠢᠶᠠᠨ ᠶᠠᠮᠠᠷ ᠨᠢᠭᠡᠨ ᠦᠷᠡᠭᠳᠡᠭᠰᠡᠨ ᠪᠠᠭᠠᠳᠤᠷ ᠬᠦᠮᠤᠨ ᠢ ᠲᠤᠷᠠᠰᠬᠠᠵᠤ᠂ ᠬᠡᠷᠡᠭᠯᠡᠵᠤ ᠦᠡᠭᠭᠡᠷᠡᠭᠰᠡᠨ ᠵᠠᠷ ᠵᠡᠪᠰᠡᠭ᠂ ᠬᠤᠪᠴᠠᠰᠤ ᠬᠤᠨᠠᠷ ᠪᠤᠶᠤ ᠱᠠᠷᠢᠯ ᠪᠠᠶ᠎ᠠ ᠶᠢ ᠨᠢ ᠤᠷᠤᠰᠢᠭᠤᠯᠵᠤ ᠤᠪᠤᠭ᠎ᠠ ᠪᠤᠰᠬᠠᠨ ︽ ᠪᠠᠭᠠᠳᠤᠷ ᠤᠨ ᠤᠪᠤᠭ᠎ᠠ︾ ᠬᠡᠳᠡᠭ᠃ ᠬᠤᠷᠴᠢᠨ ᠲᠤᠭᠤᠷᠢᠭ ᠤᠨ ᠠᠷᠤ ᠳᠤ ᠪᠠᠶᠢᠭᠤᠯᠤᠬᠰᠠᠨ ︽ᠬᠠᠰᠠᠷ ᠤᠨ ᠤᠪᠤᠭ᠎ᠠ︾ ᠪᠤᠯ ᠡᠨᠡ ᠲᠦᠷᠦᠯ ᠤᠨ ᠤᠪᠤᠭᠠᠨ ᠳᠤ ᠲᠤᠭᠠᠴᠠᠬᠳᠠᠨ᠎ᠠ᠃ ᠬᠦᠮᠤᠨ ᠤ ᠤᠪᠤᠭ᠎ᠠ ᠳᠤ ᠪᠠᠰᠠ ᠤᠡᠭᠭᠤᠨ ᠤᠪᠤᠭ᠎ᠠ᠂ ᠰᠢᠯᠢ ᠶᠢᠨ ᠡᠷ᠎ᠠ ᠶᠢᠨ ᠤᠪᠤᠭ᠎ᠠ᠂ ᠲᠤᠷᠠᠰᠬᠠᠯ ᠤᠨ ᠤᠪᠤᠭ᠎ᠠ ᠵᠡᠷᠭᠡ ᠠᠳᠠᠯᠢ ᠪᠤᠰᠤ ᠶᠢᠨ ᠵᠤᠷᠢᠯᠭ᠎ᠠ ᠲᠠᠢ ᠠᠳᠠᠯᠢ ᠪᠤᠰᠤ ᠶᠢᠨ ᠬᠦᠰᠡᠯ ᠰᠡᠳᠬᠢᠯᠭᠡ ᠶᠢ ᠢᠯᠡᠳᠭᠡᠭᠰᠡᠨ ᠲᠠᠬᠢᠯᠭ᠎ᠠ ᠶᠢᠨ ᠤᠪᠤᠭ᠎ᠠ ᠪᠠᠶᠢᠳᠠᠭ᠃       ᠬᠤᠷᠴᠢᠨ ᠮᠤᠩᠭᠤᠯᠴᠤᠳ ᠤᠨ ︽ᠨᠠᠶᠢᠨᠠᠢ ᠶᠢᠨ ᠤᠪᠤᠭ᠎ᠠ︾ ᠲᠠᠬᠢᠬᠤ ᠨᠢ ᠶᠠᠭ ᠤᠳᠤ ᠶᠢᠨ ᠵᠢᠷᠭᠤᠭᠠᠨ ᠰᠠᠷ᠎ᠠ ᠶᠢᠨ ᠨᠢᠭᠡᠨ ᠤ ᠬᠡᠤᠭᠡᠳ ᠤᠨ ᠪᠠᠶᠠᠷ ᠤᠨ ᠡᠳᠤᠷ ᠢᠶᠠᠨ ᠪᠡᠯᠭᠡᠯᠠᠭᠦ ᠮᠠᠳᠤ ᠪᠠᠭᠠᠴᠤᠳ ᠬᠡᠤᠭᠡᠳ ᠤᠨ ᠬᠠᠮᠤᠭ ᠤᠨ ᠬᠦᠷ ᠬᠦᠭᠵᠢᠶᠠᠨᠳᠠᠢ ᠨᠠᠶᠢᠷ ᠨᠠᠭᠠᠳᠤᠮ ᠤᠨ ᠰᠢᠨᠵᠢ ᠲᠠᠢ ᠪᠠᠶᠢᠵᠤ᠂ ᠬᠡᠤᠭᠡᠳ ᠤᠨ ᠡᠷᠡᠭᠦᠯ ᠡᠩᠭᠡ ᠦᠰᠤᠨ ᠪᠤᠶᠢᠵᠢᠯᠳᠠ ᠶᠢ ᠵᠦᠡᠭᠭᠨᠡᠨ ᠪᠡᠯᠭᠡᠰᠢᠶᠡᠭᠰᠡᠨ ᠪᠠᠶᠢᠨ᠎ᠠ᠃ ︽ᠨᠠᠶᠢᠨᠠᠢ ᠶᠢᠨ ᠤᠪᠤᠭ᠎ᠠ︾ ᠲᠠᠬᠢᠬᠤ ᠡᠳᠤᠷ ᠲᠤ ᠠᠶᠢᠯ ᠠᠶᠢᠮᠠᠭ ᠤᠨ ᠲᠤᠮᠳᠠ ᠪᠠᠨ ᠬᠠᠮᠤᠭ ᠤᠨ ᠦᠨᠳᠤᠷ ᠨᠠᠰᠤᠳᠠᠢ᠂ ᠡᠯᠢᠭᠡ ᠪᠦᠳᠦᠨ᠂ ᠬᠠᠷ᠎ᠠ ᠴᠠᠭᠠᠨ ᠦᠷ᠎ᠠ ᠠᠴᠢ ᠲᠡᠭᠰᠢ᠂ ᠢᠳᠡᠭᠡᠯ ᠬᠦᠨᠳᠤ ᠲᠠᠢ ᠡᠮᠡᠭᠡᠨ ᠡᠵᠢ ᠶᠢ ᠵᠠᠯᠠᠵᠤ ᠲᠠᠬᠢᠯᠭ᠎ᠠ ᠶᠢᠨ ᠡᠵᠡᠨ ᠪᠤᠯᠭᠠᠨ᠎ᠠ᠃ ᠠᠷᠪᠠᠨ ᠭᠤᠷᠪᠠᠨ ᠨᠠᠰᠤᠨ ᠠᠴᠠ ᠲᠤᠷᠤᠬᠰᠢᠬᠢ ᠬᠡᠤᠭᠡᠳ ᠠᠯᠢ ᠰᠠᠶᠢᠬᠠᠨ ᠬᠤᠪᠴᠠᠰᠤ ᠪᠠᠨ ᠡᠮᠤᠰᠴᠤ ᠤᠪᠤᠭᠠᠨ ᠲᠡᠭᠡᠷ᠎ᠠ ᠴᠤᠬᠯᠠᠷᠠᠨ ᠢᠷᠡᠨ᠎ᠠ᠃ ᠡᠨᠡ ᠦᠶ᠎ᠠ ᠳᠤ ᠬᠡᠤᠭᠡᠳ ᠤᠨ ᠵᠢᠯᠭᠡ ᠡᠪᠡᠳᠴᠢᠨ ᠢ ᠰᠠᠷᠭᠡᠶᠢᠯᠡᠵᠤ ᠭᠠᠷ ᠤᠨ ᠬᠠᠷᠢᠳᠤ ᠲᠡᠭᠡᠷ᠎ᠠ ᠬᠤᠸᠠᠷ ᠬᠦᠷᠦᠰᠦᠯᠡᠵᠤ᠂ ᠮᠠᠩᠨᠠᠢ ᠶᠢᠨ ᠭᠤᠤᠯ ᠳᠤ ᠬᠦ ᠲᠦᠷᠬᠢᠵᠤ ᠴᠢᠳᠭᠦᠷ ᠰᠢᠮᠨᠤᠰ ᠤᠨ ᠬᠤᠤᠷᠯᠠᠯ ᠠᠴᠠ ᠵᠠᠶᠢᠯᠠᠭᠤᠯᠵᠤ ᠲᠤᠮ ᠰᠢᠪᠰᠢᠯᠭᠡ ᠬᠢᠵᠤ ᠨᠠᠶᠢᠨᠠᠢ ᠶᠢᠨ ᠤᠪᠤᠭ᠎ᠠ ᠶᠢᠨ ᠲᠠᠬᠢᠯᠭ᠎ᠠ ᠳᠤ ᠤᠷᠤᠯᠴᠠᠳᠠᠭ᠃ ᠤᠪᠤᠭ᠎ᠠ ᠪᠠᠨ ᠰᠢᠨᠡᠳᠭᠡᠨ ᠵᠠᠰᠠᠵᠤ᠂ ᠲᠤᠷᠭᠠᠨ ᠬᠢᠪ ᠢᠶᠠᠷ ᠯᠡᠪᠷᠢ ᠪᠤᠯᠭᠠᠨ ᠴᠢᠮᠡᠭᠡᠳ ᠴᠠᠭᠠᠨ ᠢᠷᠭᠡ ᠬᠤᠨᠢ ᠶᠢᠨ ᠪᠦᠬᠦᠯᠢ ᠪᠠᠷ ᠲᠠᠬᠢᠨ᠎ᠠ᠃       ᠡᠮᠡᠭᠡᠨ ᠡᠵᠢ ᠤᠪᠤᠭ᠎ᠠ ᠶᠢᠨ ᠤᠷᠤᠢ ᠳᠤ ᠭᠠᠷᠤᠭᠠᠳ ᠭᠠᠵᠠᠷ ᠨᠤᠳᠤᠭ ᠤᠨ ᠡᠵᠡᠳ ᠰᠠᠬᠢᠭᠤᠯᠰᠤᠨ ᠳᠤ ᠲᠠᠬᠢᠯᠭ᠎ᠠ       ᠡᠷᠭᠦᠨ ᠬᠡᠤᠭᠡᠳ ᠤᠨ ᠬᠡᠰᠢᠭ ᠪᠤᠶᠠᠨ ᠢ ᠬᠤᠷᠦ᠋ᠢᠯᠠᠨ       ᠤᠮ ᠰᠠᠶᠢᠨ ᠠᠮᠤᠭᠤᠯᠠᠩ ᠪᠤᠯᠳᠤᠭᠠᠢ       ᠠᠮᠢ ᠨᠠᠰᠤ ᠴᠢᠨᠢ ᠤᠷᠳᠤᠳᠬᠤ ᠪᠤᠯᠳᠤᠭᠠᠢ       ᠮᠦᠡᠭᠭᠡ ᠨᠠᠰᠤ ᠶᠢ ᠨᠠᠰᠤᠯᠠᠬᠤ ᠪᠤᠯᠳᠤᠭᠠᠢ       ᠭᠠᠨᠭ᠍ᠭ᠎ᠠ ᠲᠡᠷᠡᠰᠤ ᠶᠢᠨ ᠴᠠᠭᠠᠨ ᠠᠷᠰᠯᠠᠨ ᠮᠠᠳᠤ       ᠤᠮᠤᠭ ᠬᠦᠴᠦ ᠶᠡᠭᠡᠳᠡᠢ       ᠭᠠᠯᠪᠢᠷ ᠽᠠᠨᠳᠠᠨ ᠤ ᠰᠠᠯᠠᠭ᠎ᠠ ᠮᠠᠳᠤ       ᠪᠤᠶᠠᠨ ᠬᠡᠰᠢᠭ ᠶᠡᠭᠡᠳᠡᠢ       ᠲᠡᠭᠷᠢ ᠠᠴᠠ ᠲᠡᠭᠰᠢ ᠰᠠᠶᠢᠬᠠᠨ ᠵᠠᠶᠠᠭᠠᠳᠠᠢ       ᠤᠳᠤᠨ ᠠᠴᠠ ᠤᠯᠠᠨ ᠰᠠᠶᠢᠬᠠᠨ ᠲᠦᠷᠦᠯ ᠲᠠᠢ       ᠤᠷᠴᠢᠯᠠᠩ ᠠᠴᠠ ᠲᠦᠭᠦᠷᠡᠩ ᠰᠠᠶᠢᠬᠠᠨ ᠪᠤᠶᠠᠨ ᠲᠠᠢ        ᠲᠡᠭᠷᠢ ᠶᠢᠨ ᠠᠭᠠᠷ ᠲᠤ ᠲᠠᠳᠠᠬᠰᠠᠨ       ᠲᠠᠪᠤᠨ ᠦᠡᠭᠭᠡ ᠶᠢᠨ ᠰᠤᠯᠤᠩᠭ᠎ᠠ ᠠᠴᠠ       ᠭᠤᠶᠤ ᠰᠠᠶᠢᠬᠠᠨ ᠦᠵᠡᠰᠭᠦᠯᠠᠩ ᠲᠠᠢ       ᠲᠦᠪ ᠰᠠᠶᠢᠬᠠᠨ ᠲᠦᠷᠦ ᠲᠤᠮᠳᠠ       ᠲᠡᠭᠦᠯᠳᠡᠷ ᠶᠡᠭᠡ ᠪᠤᠶᠠᠨ ᠤ ᠲᠤᠮᠳᠠ       ᠲᠦᠪᠰᠢᠨ ᠲᠦᠷᠦ ᠶᠢᠨ ᠲᠡᠷᠢᠭᠦᠨ ᠳᠤ       ᠲᠦᠷᠦ ᠨᠠᠶᠢᠷ ᠤᠨ ᠲᠤᠮᠳᠠ       ᠲᠡᠭᠦᠰ ᠠᠮᠤᠭᠤᠯᠠᠩ ᠵᠢᠷᠭᠠᠬᠤ ᠪᠤᠯᠳᠤᠭᠠᠢ ᠬᠡᠵᠤ ᠵᠦᠡᠭᠨᠡᠨ ᠢᠷᠦᠭᠡᠭᠡᠳ ᠠᠶᠢᠯ ᠠᠶᠢᠮᠠᠭ ᠤᠨ ᠬᠤᠪᠢ ᠤᠷᠤᠵᠤ ᠨᠡᠶᠢᠯᠡᠭᠦᠯᠦᠭᠰᠡᠨ ᠤᠪᠤᠭᠠᠨ ᠰᠠᠴᠤᠯᠢ᠂ ᠲᠠᠬᠢᠯᠭ᠎ᠠ ᠶᠢᠨ ᠬᠡᠰᠢᠭ ᠠᠴᠠ ᠤᠪᠤᠭ᠎ᠠ ᠶᠢᠨ ᠤᠷᠤᠢ ᠲᠡᠭᠡᠷ᠎ᠠ ᠠᠴᠠ ᠨᠠᠯᠠᠤ ᠤᠷᠤᠭᠤ ᠬᠦᠴᠦᠯᠠᠨ ᠰᠠᠴᠤᠬᠤ ᠳᠤ ᠤᠯᠠᠨ ᠬᠡᠤᠭᠡᠳ ᠪᠤᠯᠢᠶᠠᠯᠳᠤᠨ ᠲᠡᠭᠦᠨ ᠢᠳᠡᠨ᠎ᠠ᠃ ᠡᠭᠦᠨ ᠢ ᠬᠤᠷᠴᠢᠨ ᠨᠤᠳᠤᠭ ᠲᠤ ︽ᠨᠠᠶᠢᠨᠠᠢ ᠶᠢᠨ ᠪᠤᠤᠪᠤ ᠬᠠᠶᠠᠬᠤ︾ ᠬᠡᠳᠡᠭ᠃       ᠰᠠᠪᠳᠠᠭ ᠤᠨ ᠤᠪᠤᠭ᠎ᠠ ᠪᠤᠯ ᠬᠤᠰᠢᠭᠤ ᠨᠤᠳᠤᠭ ᠠᠴᠠ ᠪᠤᠶᠤ ᠠᠶᠢᠯ ᠠᠶᠢᠮᠠᠭ ᠠᠴᠠ ᠤᠷᠤᠰᠢᠨ ᠰᠠᠭᠤᠭ᠎ᠠ ᠨᠤᠳᠤᠭ ᠤᠰᠤᠨ ᠤ ᠨᠠᠪᠳᠠᠭ ᠰᠠᠪᠳᠠᠭ᠂ ᠡᠵᠡᠳ ᠰᠠᠬᠢᠭᠤᠯᠰᠤᠨ ᠢᠶᠠᠨ ᠪᠠᠶᠠᠰᠬᠠᠬᠤ ᠬᠡᠵᠤ ᠦᠨᠳᠦᠷᠯᠢᠭ ᠭᠠᠵᠠᠷ ᠢ ᠰᠤᠩᠭᠤᠵᠤ ᠪᠤᠰᠬᠠᠬᠰᠠᠨ ᠤᠪᠤᠭ᠎ᠠ ᠪᠤᠯᠤᠨ᠎ᠠ᠃       ᠲᠡᠮᠳᠡᠭ ᠤᠪᠤᠭ᠎ᠠ ᠪᠤᠯ ᠨᠠᠭᠤᠷ ᠤᠰᠤᠨ ᠤ ᠬᠦᠪᠡᠭᠡ᠂ ᠪᠠᠷᠳᠠᠭ᠎ᠠ ᠲᠠᠪᠠᠭᠠᠨ ᠤ ᠬᠦᠳᠤᠯ᠂ ᠵᠠᠮ ᠤᠨ ᠠᠭᠤᠯᠵᠠᠷ᠂ ᠵᠠᠬ᠎ᠠ ᠬᠢᠯᠢ ᠶᠢᠨ ᠦᠵᠦᠭᠦᠷ᠂ ᠡᠭᠡᠷᠡᠮ᠎ᠠ ᠲᠠᠯ᠎ᠠ ᠶᠢᠨ ᠲᠤᠮᠳᠠ ᠵᠡᠷᠭᠡ ᠭᠠᠵᠠᠷ ᠤᠳ ᠲᠤ ᠪᠤᠰᠬᠠᠵᠤ ᠲᠡᠮᠳᠡᠭ ᠪᠤᠯᠭᠠᠬᠰᠠᠨ ᠤᠪᠤᠭ᠎ᠠ ᠶᠢ ᠬᠡᠯᠡᠨ᠎ᠠ᠃ ᠲᠠᠪᠠᠭᠠᠨ ᠤᠪᠤᠭ᠎ᠠ ᠨᠢ ︽ᠴᠠᠭᠠᠨ ᠮᠦᠷ ᠲᠠᠢ᠂ ᠴᠢᠨᠳᠠᠮᠤᠨᠢ ᠬᠡᠰᠢᠭ ᠲᠠᠢ︾ ᠪᠠᠶᠢᠭ᠎ᠠ ᠪᠠᠨ ᠪᠡᠯᠭᠡᠳᠡᠵᠤ᠂ ᠪᠠᠷᠳᠠᠭᠠᠳᠤ ᠲᠠᠪᠠᠭ᠎ᠠ ᠶᠢ ᠠᠶᠤᠯ ᠦᠭᠡᠢ ᠡᠷᠡᠭᠦᠯ ᠡᠩᠭᠡ ᠪᠠᠷ ᠲᠤᠭᠤᠯᠤᠨ ᠭᠠᠷᠤᠬᠰᠠᠨ ᠳᠠᠭᠠᠨ ᠲᠠᠪᠠᠭᠠᠨ ᠤ ᠨᠠᠪᠳᠠᠭ ᠰᠠᠪᠳᠠᠭ ᠳᠠᠭᠠᠨ ᠲᠠᠭᠠᠳᠬᠠᠵᠤ ᠪᠤᠰᠬᠠᠬᠰᠠᠨ ᠪᠠᠶᠢᠳᠠᠭ︔ ᠵᠠᠬ᠎ᠠ ᠬᠢᠯᠢ ᠶᠢᠨ ᠤᠪᠤᠭ᠎ᠠ ᠨᠢ ᠠᠶᠢᠯ᠂ ᠬᠤᠰᠢᠭᠤ ᠶᠢᠨ ᠬᠤᠭᠤᠷᠤᠨᠳᠤ ᠪᠠᠨ ᠵᠠᠬ᠎ᠠ ᠬᠢᠯᠢ ᠪᠠᠨ ᠲᠤᠳᠤᠳᠬᠠᠬᠰᠠᠨ ᠤᠪᠤᠭ᠎ᠠ ᠪᠤᠯᠬᠤ ᠶᠤᠮ ︔ ᠵᠦᠭ ᠴᠢᠭ ᠤᠨ ᠤᠪᠤᠭ᠎ᠠ ᠪᠤᠯ ᠵᠠᠮ ᠤᠨ ᠠᠭᠤᠯᠵᠠᠷ᠂ ᠡᠭᠡᠷᠡᠮ᠎ᠠ ᠲᠠᠯ᠎ᠠ ᠶᠢᠨ ᠲᠤᠮᠳᠠ ᠪᠤᠰᠬᠠᠵᠤ᠂ ᠠᠶᠠᠨ ᠲᠠᠶᠢᠨ ᠤᠳᠤᠷ ᠨᠡᠭᠦᠳᠠᠯ ᠬᠢᠵᠤ ᠶᠠᠪᠤᠬᠤ ᠶᠢᠨ ᠵᠦᠭ ᠴᠢᠭ ᠢᠶᠠᠨ ᠢᠯᠭᠠᠵᠤ ᠪᠤᠰᠬᠠᠵᠠᠢ᠃ ᠲᠡᠮᠳᠡᠭ ᠤᠨ ᠤᠪᠤᠭ᠎ᠠ ᠶᠢ ᠪᠤᠰᠬᠠᠬᠤ ᠳᠠᠭᠠᠨ ᠡᠩ ᠶᠡᠷᠦᠮᠳᠡᠭ ᠤᠨ ᠪᠠᠶᠢᠵᠤ ᠲᠡᠭᠡᠵᠤ ᠰᠠᠩ ᠪᠦᠳᠦᠭᠡᠨ ᠰᠢᠳᠤᠭᠡᠨ ᠠᠮᠢᠯᠠᠭᠤᠯᠳᠠᠭ ᠦᠭᠡᠢ᠃               ᠤᠪᠤᠭ᠎ᠠ ᠪᠤᠰᠬᠠᠬᠤ ᠪᠠ ᠲᠠᠬᠢᠬᠤ ᠶᠤᠰᠤᠨ        ᠤᠪᠤᠭ᠎ᠠ ᠪᠤᠰᠬᠠᠬᠤ ᠨᠢ ᠤᠪᠤᠭ᠎ᠠ ᠪᠤᠰᠬᠠᠬᠤ ᠭᠠᠵᠠᠷ ᠢ ᠰᠢᠨᠵᠢᠨ ᠰᠤᠩᠭᠤᠬᠤ ᠠᠴᠠ ᠡᠬᠢᠯᠡᠳᠡᠭ᠃ ᠤᠪᠤᠭ᠎ᠠ ᠪᠤᠰᠬᠠᠬᠤ ᠭᠠᠵᠠᠷ ᠢ ᠰᠢᠨᠵᠢᠨ ᠰᠤᠩᠭᠤᠬᠤ ᠬᠦᠮᠤᠰ ᠲᠤ ᠪᠦᠭᠡ ᠢᠳᠤᠭᠠᠨ᠂ ᠲᠦᠯᠭᠡᠴᠢ ᠯᠠᠮᠠ᠂ ᠨᠤᠶᠠᠳ ᠲᠦᠰᠢᠮᠡᠳ ᠪᠤᠶᠤ ᠨᠤᠳᠤᠭ ᠤᠰᠤᠨ ᠤ ᠨᠠᠰᠤᠳᠠᠨ ᠲᠤᠮᠤᠭᠠᠳᠠᠢ ᠬᠦᠮᠤᠰ ᠪᠠᠶᠢᠯᠴᠠᠳᠠᠭ᠃ ᠲᠠᠬᠢᠯᠭᠠᠳᠤ ᠤᠪᠤᠭ᠎ᠠ ᠶᠢ ᠪᠤᠰᠬᠠᠬᠤ ᠳᠠᠭᠠᠨ ᠪᠦᠭᠡ ᠢᠳᠤᠭᠠᠨ ᠨᠠᠷ ᠠᠴᠠ ᠲᠡᠭᠷᠢ ᠭᠠᠵᠠᠷ ᠤᠨ ᠤᠡᠭᠭᠤᠳ ᠰᠠᠬᠢᠭᠤᠰᠤ᠂ ᠨᠠᠪᠳᠠᠭ ᠰᠠᠪᠳᠠᠭ ᠤᠷᠤᠩᠨᠠᠬᠰᠠᠨ ᠠᠭᠤᠯᠠ ᠬᠠᠶᠢᠷᠠᠬᠠᠨ ᠢ ᠰᠤᠩᠭᠤᠵᠤ᠂ ᠢᠯᠳᠤ ᠪᠠ ᠲᠠᠶᠠᠭ ᠢᠶᠠᠷ ᠢᠶᠠᠨ ᠵᠢᠭᠠᠨ ᠵᠢᠷᠤᠬᠰᠠᠨ ᠭᠠᠵᠠᠷ ᠤᠪᠤᠭ᠎ᠠ ᠪᠤᠰᠬᠠᠳᠠᠭ ᠪᠠᠶᠢᠬᠰᠠᠨ ᠬᠡᠳᠡᠭ᠃ ᠲᠠᠬᠢᠯᠭ᠎ᠠ ᠦᠭᠡᠢ ᠤᠪᠤᠭ᠎ᠠ ᠶᠢ ᠪᠤᠰᠬᠠᠬᠤ ᠳᠤ ᠠᠭᠤᠯᠠ ᠤᠰᠤᠨ ᠤ ᠨᠠᠪᠳᠠᠭ ᠰᠠᠪᠳᠠᠭ ᠮᠡᠳᠤᠰ ᠢ ᠲᠡᠭᠡᠵᠤ ᠶᠡᠭᠡ ᠴᠢᠬᠤᠯᠠᠴᠢᠯᠠᠳᠠᠭ ᠦᠭᠡᠢ᠃    ᠲᠠᠬᠢᠯᠭ᠎ᠠ ᠶᠢᠨ ᠤᠪᠤᠭ᠎ᠠ ᠶᠢ ᠪᠤᠰᠬᠠᠬᠤ ᠠᠴᠠ ᠡᠮᠤᠨ᠎ᠠ ᠰᠠᠩ ᠲᠠᠷᠤᠬᠤ ᠦᠢᠯᠡ ᠶᠠᠪᠤᠬᠳᠠᠳᠠᠭ᠃ ᠤᠪᠤᠭᠠᠨ ᠤ ᠰᠠᠩ ᠲᠠᠷᠤᠬᠤ ᠦᠢᠯᠡ ᠳᠤ ᠭᠠᠵᠠᠷ ᠲᠡᠭᠡᠷ᠎ᠠ ᠲᠠᠷᠤᠬᠤ ᠪᠠ ᠭᠠᠵᠠᠷ ᠲᠤᠤᠷ᠎ᠠ ᠲᠠᠷᠤᠬᠤ ᠬᠡᠵᠤ ᠬᠤᠶᠠᠷ ᠵᠦᠢᠯ ᠤᠨ ᠬᠡᠯᠪᠠᠷᠢ ᠪᠠᠶᠢᠳᠠᠭ ᠪᠦᠭᠡᠳ ᠭᠠᠵᠠᠷ ᠲᠤᠤᠷ᠎ᠠ ᠰᠠᠩ ᠲᠠᠷᠤᠬᠤ ᠳᠤ ᠪᠠᠰᠠ ᠶᠡᠭᠡ ᠰᠠᠩ ᠲᠠᠷᠤᠬᠤ ᠪᠠ ᠪᠠᠭ᠎ᠠ ᠰᠠᠩ ᠲᠠᠷᠤᠬᠤ ᠬᠡᠵᠤ ᠬᠤᠶᠠᠷ ᠵᠦᠢᠯ ᠪᠠᠶᠢᠳᠠᠭ᠃ ᠡᠭᠦᠨ ᠳᠤ ᠤᠪᠤᠭᠠᠨ ᠤ ᠲᠤᠤᠷ᠎ᠠ ᠤᠷᠢᠳᠠᠪᠠᠷ ᠨᠦᠭᠡ ᠮᠠᠯᠳᠠᠵᠤ ᠰᠠᠩ ᠲᠠᠷᠤᠬᠤ ᠶᠢ ᠨᠢ ᠭᠠᠵᠠᠷ ᠲᠤᠤᠷ᠎ᠠ ᠰᠠᠩ ᠲᠠᠷᠤᠬᠤ ᠬᠡᠵᠤ᠂ ᠭᠠᠵᠠᠷ ᠲᠡᠭᠡᠷ᠎ᠠ ᠯᠠᠮᠠ ᠪᠠᠷ ᠲᠠᠷᠨᠢᠳᠠᠭᠤᠯᠤᠬᠰᠠᠨ ᠲᠠᠪᠤᠨ ᠲᠠᠷᠢᠶ᠎ᠠ ᠶᠢᠨ ᠦᠷ᠎ᠠ᠂ ᠮᠠᠯ ᠤᠨ ᠬᠡᠰᠢᠭ᠂ ᠮᠠᠨᠢ ᠶᠢᠨ ᠦᠰᠦᠭ ᠲᠠᠢ ᠲᠠᠷᠴᠤᠭ ᠵᠡᠷᠭᠡ ᠶᠠᠭᠤᠮᠠᠰ ᠢ ᠲᠠᠯᠪᠢᠭᠠᠳ ᠤᠪᠤᠭ᠎ᠠ ᠪᠤᠰᠬᠠᠬᠤ ᠶᠢ ᠭᠠᠵᠠᠷ ᠲᠡᠭᠡᠷ᠎ᠠ ᠰᠠᠩ ᠲᠠᠷᠤᠬᠤ ᠬᠡᠳᠡᠭ᠃ ᠭᠠᠵᠠᠷ ᠲᠤᠤᠷ᠎ᠠ ᠶᠡᠭᠡ ᠰᠠᠩ ᠲᠠᠷᠤᠬᠤ ᠶᠢ ᠪᠠᠰᠠ ᠶᠡᠭᠡ ᠰᠠᠩ ᠪᠦᠳᠦᠭᠡᠭᠦ ᠬᠡᠵᠤ ᠶᠠᠷᠢᠳᠠᠭ ᠪᠦᠭᠡᠳ ᠲᠠᠷᠠ ᠨᠢ ᠤᠯᠠᠩᠬᠢ ᠳᠠᠭᠠᠨ ᠶᠡᠭᠡ ᠬᠡᠪᠴᠢᠶᠠᠨ ᠤ ᠤᠪᠤᠭᠠᠨ ᠲᠠᠬᠢᠯᠭ᠎ᠠ ᠳᠤ ᠬᠤᠯᠪᠤᠬᠳᠠᠳᠠᠭ᠃        ᠰᠠᠩ ᠲᠠᠷᠤᠬᠤ ᠦᠢᠯᠡ ᠲᠠᠭᠤᠰᠤᠬᠰᠠᠨ ᠤ ᠲᠠᠷᠠᠭ᠎ᠠ ᠤᠪᠤᠭ᠎ᠠ ᠪᠤᠰᠬᠠᠬᠤ ᠦᠢᠯᠡ ᠡᠬᠢᠯᠡᠨ᠎ᠠ᠃ ᠡᠭᠦᠨ ᠳᠤ ᠤᠪᠤᠭ᠎ᠠ ᠶᠢᠨ ᠲᠦᠷᠦᠯ ᠵᠦᠢᠯ ᠤᠨ ᠠᠳᠠᠯᠢ ᠪᠤᠰᠤ ᠠᠴᠠ ᠪᠤᠯᠵᠤ ᠤᠪᠤᠭ᠎ᠠ ᠪᠤᠰᠬᠠᠬᠤ ᠶᠤᠰᠤ ᠨᠢ ᠴᠤ ᠠᠳᠠᠯᠢ ᠦᠭᠡᠢ ᠪᠠᠶᠢᠳᠠᠭ᠃ ᠵᠢᠱᠢᠶᠠᠯᠠᠪᠠᠯ᠂ ᠴᠢᠯᠠᠭᠤᠨ ᠤᠪᠤᠭ᠎ᠠ ᠪᠤᠰᠬᠠᠬᠤ ᠶᠤᠰᠤᠨ᠂ ᠲᠤᠭᠤᠰᠬᠠᠨ ᠤᠪᠤᠭ᠎ᠠ ᠪᠤᠰᠬᠠᠬᠤ ᠶᠤᠰᠤᠨ᠂ ᠮᠤᠳᠤᠨ ᠤᠪᠤᠭ᠎ᠠ ᠪᠤᠰᠬᠠᠬᠤ ᠶᠤᠰᠤᠨ ᠵᠡᠷᠭᠡ ᠨᠢ ᠪᠦᠷ ᠬᠤᠪᠢ ᠬᠤᠪᠢ ᠶᠢᠨ ᠤᠨᠴᠠᠯᠢᠭ ᠲᠠᠢ ᠪᠠᠶᠢᠳᠠᠭ᠃ ᠴᠢᠯᠠᠭᠤᠨ ᠤᠪᠤᠭ᠎ᠠ ᠪᠤᠰᠬᠠᠬᠤ ᠶᠤᠰᠤᠨ ᠤ ᠲᠤᠬᠠᠢ ︽ᠮᠤᠩᠭᠤᠯ ᠵᠠᠩ ᠦᠢᠯᠡ ᠶᠢᠨ ᠨᠡᠪᠳᠡᠷᠭᠡᠢ ᠲᠤᠯᠢ︾ ᠳᠤ ︽ᠤᠪᠤᠭᠠᠨ ᠰᠠᠩ ᠪᠦᠳᠦᠭᠡᠭᠰᠡᠨ ᠭᠠᠵᠠᠷ ᠢᠶᠠᠨ ᠰᠠᠶᠢᠬᠠᠨ ᠲᠡᠭᠰᠢᠯᠡᠵᠤ ᠲᠡᠭ ᠭᠤᠤᠯ ᠳᠤᠨᠢ ᠲᠤᠭ ᠤᠨ ᠮᠤᠳᠤ ᠪᠠᠨ ᠴᠢᠯᠠᠭᠤ ᠰᠢᠷᠤᠢ ᠪᠠᠷ ᠢᠪᠠᠨ ᠪᠤᠰᠬᠠᠵᠤ ᠰᠠᠭᠤᠷᠢ ᠶᠢᠨ ᠴᠢᠯᠠᠭᠤ ᠪᠠᠨ ᠵᠢᠷᠭᠤᠭ᠎ᠠ ᠪᠤᠶᠤ ᠨᠠᠢᠮᠠᠨ ᠬᠠᠨ᠎ᠠ ᠲᠠᠢ ᠮᠤᠩᠭᠤᠯ ᠭᠡᠷ ᠤᠨ ᠪᠠᠭᠤᠴᠠ ᠶᠢᠨ ᠬᠢᠷᠢ ᠲᠤᠮᠤ ᠭᠤᠷᠪᠠᠨ ᠲᠤᠬᠤᠢ ᠬᠢᠷᠢ ᠵᠡᠷᠭᠡᠯᠡᠵᠤ ᠪᠤᠰᠬᠠᠭᠠᠳ ᠲᠤᠳᠤᠷ᠎ᠠ ᠨᠢ ᠴᠢᠯᠠᠭᠤ ᠪᠤᠶᠤ ᠰᠢᠷᠤᠢ ᠬᠢᠵᠤ ᠲᠦᠭᠦᠷᠭᠡᠨ ᠲᠡᠭᠰᠢᠯᠡᠵᠤ ᠰᠠᠭᠤᠷᠢ ᠶᠢᠨ ᠲᠡᠭᠳᠡᠷ ᠢ ᠭᠠᠷᠭᠠᠨ᠎ᠠ᠃ ᠬᠤᠶᠠᠳᠠᠬᠢ ᠲᠡᠭᠳᠡᠷ ᠢ ᠰᠠᠭᠤᠷᠢ ᠶᠢᠨ ᠲᠡᠭᠳᠡᠷ ᠠᠴᠠ ᠲᠤᠳᠤᠬᠰᠢ 1.5 ᠲᠤᠬᠤᠢ ᠪᠠᠭᠠᠰᠬᠠᠵᠤ᠂ 2 ᠲᠤᠬᠤᠢ ᠦᠨᠳᠤᠷ ᠲᠦᠭᠦᠷᠢᠭ ᠢᠶᠠᠷ ᠵᠡᠷᠭᠡᠯᠡᠵᠤ ᠪᠤᠰᠬᠠᠨ᠎ᠠ᠃ ᠡᠨᠡ ᠲᠡᠭᠳᠡᠷ ᠲᠤ ᠲᠤᠭ ᠤᠨ ᠮᠤᠳᠤᠨ ᠠᠴᠠ ᠭᠠᠳᠠᠭᠤᠷ ᠲᠤᠬᠤᠢ ᠢᠯᠡᠭᠦᠦ ᠵᠠᠶᠢᠳᠠᠢ ᠡᠷᠬᠢᠨ ᠲᠤᠭᠤᠷᠢᠨ ᠳᠤᠨᠢ ᠪᠤᠷᠭᠠᠰᠤ ᠬᠠᠳᠬᠤᠬᠤ ᠬᠤᠨᠭ᠍ᠬᠢᠯ ᠭᠠᠷᠭᠠᠵᠤ ᠪᠠᠶᠢᠳᠠᠭ᠃ ᠭᠤᠳᠠᠭᠠᠷ ᠲᠡᠭᠳᠡᠷ ᠢ ᠪᠠᠷᠢᠬᠤ ᠳᠤ ᠲᠤᠭ ᠤᠨ ᠮᠤᠳᠤ ᠪᠠᠨ ᠲᠤᠭᠤᠷᠢᠭᠤᠯᠤᠨ ᠪᠠᠭ᠎ᠠ ᠴᠢᠯᠠᠭᠤ ᠤᠪᠤᠭᠠᠯᠠᠪᠠᠯ ᠪᠤᠯᠴᠢᠬᠠᠳᠠᠭ᠃ ᠤᠯᠠᠩᠬᠢ ᠭᠠᠵᠠᠷ ᠲᠤ ᠤᠪᠤᠭᠠᠨ ᠤ ᠪᠠᠨ ᠭᠤᠷᠪᠠᠨ ᠲᠡᠭᠳᠡᠷ ᠢ ᠪᠤᠰᠬᠠᠬᠰᠠᠨ ᠤ ᠲᠠᠷᠠᠭ᠎ᠠ᠂ ᠰᠠᠭᠤᠷᠢ ᠴᠢᠯᠠᠭᠤᠨ ᠤ ᠨᠠᠷᠠᠨ ᠲᠠᠯ᠎ᠠ ᠳᠤ ᠨᠢ ᠰᠠᠩ ᠲᠠᠯᠪᠢᠬᠤ ᠪᠤᠶᠤ ᠲᠡᠭᠡᠵᠢ ᠡᠷᠭᠦᠭᠦ ᠲᠠᠯᠪᠢᠭᠤᠷ ᠵᠠᠰᠠᠳᠠᠭ︾ ᠬᠡᠭᠦᠴᠢᠯᠠᠨ ᠲᠡᠮᠳᠡᠭᠯᠡᠵᠤ ᠪᠤᠢ᠃       ᠵᠢᠯ ᠪᠦᠷᠢ ᠶᠢᠨ ᠤᠪᠤᠭᠠᠨ ᠲᠠᠬᠢᠯᠭ᠎ᠠ ᠳᠤ ᠯᠠᠮᠠ ᠨᠠᠷ ᠶᠢ ᠵᠠᠯᠠᠵᠤ ᠡᠳᠤᠷ ᠦᠵᠡᠭᠦᠯᠦᠨ᠎ᠠ᠃ ᠲᠠᠷᠤᠢ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠶᠢᠰᠤᠨ᠂ ᠠᠷᠪᠠᠨ ᠭᠤᠷᠪᠠᠨ᠂ ᠬᠤᠷᠢᠨ ᠲᠠᠪᠤᠨ ᠪᠤᠶᠤ ᠵᠢᠷᠭᠤᠭᠠᠨ ᠰᠠᠷ᠎ᠠ ᠶᠢᠨ ᠬᠤᠷᠢᠨ ᠲᠠᠪᠤᠨ᠂ ᠬᠤᠷᠢᠨ ᠵᠢᠷᠭᠤᠭᠠᠨ ᠡᠰᠡᠭᠦᠯ᠎ᠠ ᠲᠤᠯᠤᠭᠠᠨ ᠰᠠᠷ᠎ᠠ ᠶᠢᠨ ᠠᠷᠪᠠᠨ ᠲᠠᠪᠤᠨ ᠤ ᠡᠳᠤᠷ ᠲᠤ ᠲᠤᠬᠢᠶᠠᠯᠳᠤᠭᠤᠯᠵᠤ ᠲᠠᠬᠢᠵᠠᠭᠠᠳᠠᠭ᠃ ᠵᠠᠷᠢᠮ ᠳᠠᠭᠠᠨ ᠭᠠᠨᠭ᠌ ᠬᠠᠭᠰᠠᠷᠭᠠᠨ ᠪᠤᠯᠬᠤ᠂ ᠮᠠᠯ ᠰᠦᠷᠦᠭ ᠲᠤ ᠡᠪᠡᠳᠴᠢᠨ ᠤᠷᠤᠬᠤ᠂ ᠲᠠᠷᠢᠶ᠎ᠠ ᠲᠦᠮᠦᠰᠤ ᠬᠤᠷᠤᠬᠠᠢᠢᠳᠠᠬᠤ ᠵᠡᠷᠭᠡ ᠭᠠᠢ ᠭᠠᠮᠰᠢᠭ ᠲᠤᠬᠢᠶᠠᠯᠳᠤᠪᠠᠯ ᠪᠦᠷ ᠤᠪᠤᠭ᠎ᠠ ᠲᠠᠬᠢᠵᠤ ᠭᠠᠢ ᠪᠠᠷᠴᠢᠳ ᠢ ᠠᠷᠢᠯᠭᠠᠵᠤ ᠦᠭᠭᠦ ᠶᠢ ᠲᠠᠭᠠᠳᠬᠠᠳᠠᠭ᠃ ᠤᠪᠤᠭ᠎ᠠ ᠲᠠᠬᠢᠬᠤ ᠶᠢ ᠬᠠᠮᠢᠶᠠᠷᠳᠠᠭ ᠲᠤᠰᠬᠠᠢ ᠬᠦᠮᠤᠨ ᠢ ᠨᠢᠷᠪᠠ ᠬᠡᠨ᠎ᠠ᠃ ᠡᠨᠡ ᠨᠢᠷᠪᠠ ᠨᠢ ᠤᠪᠤᠭᠠᠨ ᠲᠠᠬᠢᠯᠭ᠎ᠠ ᠶᠢᠨ ᠪᠡᠯᠡᠳᠭᠡᠯ ᠠᠵᠢᠯ ᠢ ᠬᠦᠢᠴᠡᠳᠭᠡᠨ ᠡᠩ ᠲᠡᠷᠢᠭᠦᠨ ᠳᠤ ᠤᠪᠤᠭᠠᠨ ᠤ ᠲᠡᠷᠭᠡᠳᠠ ᠭᠡᠷ ᠲᠡᠷᠭᠡ ᠵᠡᠷᠭᠡ ᠶᠢ ᠪᠠᠶᠢᠭᠤᠯᠵᠤ᠂ ᠲᠠᠬᠢᠨ ᠵᠠᠷᠤᠳᠠᠯ ᠬᠡᠷᠡᠭᠰᠡᠯ ᠤᠨ ᠵᠤᠭᠤᠰ ᠮᠦᠡᠭᠬᠦ᠂ ᠢᠳᠡᠭᠡ ᠰᠢᠭᠦᠰᠤ ᠶᠢ ᠤᠢᠢᠷ᠎ᠠ ᠤᠷᠴᠢᠮ ᠤᠨ ᠠᠶᠢᠯ ᠡᠷᠦᠭᠡ ᠪᠠᠷ ᠪᠠᠳᠢᠷᠯᠠᠵᠤ ᠬᠤᠷᠠᠮᠳᠤᠭᠤᠯᠤᠨ᠎ᠠ᠃ ᠡᠰᠡᠭᠦᠯ᠎ᠠ ᠮᠠᠯ ᠬᠦᠷᠦᠩᠭᠡ ᠵᠤᠵᠠᠭᠠᠨ ᠲᠠᠢ ᠰᠦᠰᠦᠭᠳᠡᠨ ᠨᠠᠷ ᠶᠡᠭᠡ ᠬᠡᠮᠵᠢᠶᠠᠨ ᠤ ᠵᠤᠭᠤᠰ ᠮᠦᠡᠭᠬᠦ᠂ ᠡᠳ ᠪᠤᠳᠠᠰ ᠵᠡᠷᠭᠡ ᠶᠢ ᠪᠠᠷᠢᠴᠠ ᠡᠷᠭᠦᠨ᠎ᠠ᠃ ᠲᠠᠬᠢᠯᠭ᠎ᠠ ᠳᠤ ᠬᠤᠷᠠᠮᠳᠤᠭᠤᠯᠤᠬᠰᠠᠨ ᠬᠦᠷᠦᠩᠭᠡ ᠮᠦᠡᠭᠬᠦ ᠶᠢ ᠬᠠᠭᠠᠰ ᠶᠢ ᠨᠢ ᠤᠪᠤᠭᠠᠨ ᠤ ᠬᠦᠷᠦᠩᠭᠡ ᠪᠤᠯᠭᠠᠨ ᠦᠯᠡᠳᠡᠭᠡᠨ᠎ᠠ᠃ ᠦᠯᠡᠳᠡᠭᠰᠡᠨ ᠬᠠᠭᠠᠰ ᠤᠨ ᠭᠤᠷᠪᠠᠨ ᠤ ᠨᠢᠭᠡ ᠬᠤᠪᠢ ᠶᠢ ᠵᠠᠯᠠᠬᠰᠠᠨ ᠯᠠᠮᠠ ᠨᠠᠷ ᠲᠤ ᠡᠷᠭᠦᠴᠠ ᠪᠠᠷᠢᠵᠤ᠂ ᠨᠢᠭᠡ ᠬᠤᠪᠢ ᠶᠢ ᠨᠢ ᠤᠪᠤᠭᠠᠨ ᠨᠠᠶᠢᠷ ᠤᠨ ᠱᠠᠩᠨᠠᠯ ᠳᠤ ᠬᠡᠷᠡᠭᠯᠡᠨ ᠦᠯᠡᠳᠡᠭᠰᠡᠨ ᠨᠢᠭᠡ ᠬᠤᠪᠢ ᠶᠢ ᠨᠢ ᠲᠤᠰ ᠤᠳᠠᠭᠠᠨ ᠤ ᠤᠪᠤᠭᠠᠨ ᠲᠠᠬᠢᠯᠭ᠎ᠠ ᠶᠢᠨ ᠰᠤᠯᠠ ᠵᠠᠷᠤᠳᠠᠯ ᠳᠤ ᠬᠡᠷᠡᠭᠯᠡᠨ᠎ᠠ᠃        ᠲᠠᠬᠢᠬᠤ ᠪᠤᠯᠬᠤ ᠳᠤ ᠯᠠᠮᠠ ᠨᠠᠷ ᠠᠯᠢᠪᠠ ᠬᠡᠷᠡᠭᠰᠡᠯ ᠢᠶᠠᠨ ᠠᠪᠴᠤ ᠢᠷᠡᠨ ᠬᠤᠰᠢᠭᠤ ᠪᠤᠶᠤ ᠠᠶᠢᠯ ᠠᠶᠢᠮᠠᠭ ᠤᠨ ᠨᠤᠶᠠᠳ ᠲᠦᠰᠢᠮᠡᠳ ᠲᠠᠷᠢᠭᠦᠯᠡᠨ ᠪᠠᠰᠠ ᠬᠠᠷᠢ ᠬᠤᠰᠢᠭᠤᠳ ᠤᠨ ᠠᠶᠢᠯ ᠲᠤᠰᠬᠤᠨ ᠤ ᠬᠡᠶᠢᠴᠢᠳ ᠵᠤᠴᠢᠳ ᠪᠡᠯᠡᠭ ᠡᠷᠭᠦᠴᠠ ᠪᠠ ᠤᠷᠤᠯᠳᠤᠭᠠᠨ ᠤ ᠪᠦᠭᠡ᠂ ᠮᠤᠷᠢ᠂ ᠬᠠᠷᠪᠤᠭᠠᠴᠢᠨ ᠢᠶᠠᠨ ᠠᠪᠴᠤ ᠢᠷᠡᠨ᠎ᠠ᠃ ᠲᠡᠭᠡᠭᠡᠳ ᠠᠶᠢᠯ ᠠᠶᠢᠮᠠᠭ ᠂ ᠤᠢᠢᠷᠠᠨ ᠲᠤᠭᠤᠷᠢᠨ ᠤ ᠦᠳᠡᠯᠦᠭᠰᠡᠨ ᠵᠠᠯᠠᠭᠤ᠂ ᠡᠮᠡᠰ ᠬᠡᠤᠭᠡᠳ᠂ ᠦᠬᠢᠳ ᠪᠡᠷᠢᠶᠠᠳ ᠬᠡᠰᠡᠨ ᠦᠭᠡᠢ ᠪᠦᠷ ᠴᠤ ᠭᠤᠶᠤᠯᠠᠨ ᠵᠠᠰᠠᠵᠤ ᠲᠦᠷᠪᠡᠨ ᠵᠦᠭ ᠨᠠᠢᠮᠠᠨ ᠵᠤᠪᠬᠢᠰ ᠠᠴᠠ ᠬᠦᠷᠦᠯᠴᠡᠨ ᠢᠷᠡᠵᠡᠭᠡᠨ᠎ᠠ᠃ ᠪᠠᠰᠠ ᠤᠢᠢᠷ᠎ᠠ ᠤᠷᠴᠢᠨ ᠤ ᠠᠷᠠᠯᠵᠢᠶᠠᠴᠢᠨ ᠮᠠᠶᠢᠮᠠᠶᠢᠴᠢᠨ ᠨᠠᠷ ᠲᠠᠯ᠎ᠠ ᠲᠠᠯ᠎ᠠ ᠠᠴᠠ ᠪᠠᠷᠠᠭ᠎ᠠ ᠲᠠᠸᠡᠷ᠂ ᠮᠠᠯ ᠤᠨ ᠠᠰᠢᠭ ᠰᠢᠮ᠎ᠠ ᠪᠠᠨ ᠠᠪᠴᠤ ᠢᠷᠡᠨ ᠬᠤᠳᠠᠯᠳᠤᠭ᠎ᠠ ᠡᠷᠬᠢᠯᠡᠨ᠎ᠠ᠃        ᠪᠠᠷᠤᠭ ᠦᠷᠯᠦᠭᠡ ᠶᠢᠨ ᠲᠠᠤᠯᠠᠢ ᠴᠠᠭ ᠤᠨ ᠦᠶ᠎ᠠ ᠪᠠᠷ ᠪᠦᠬᠦᠳᠡᠭᠡᠷ ᠤᠪᠤᠭᠠᠨ ᠲᠡᠭᠡᠷ᠎ᠠ ᠪᠠᠨ ᠴᠤᠬᠯᠠᠷᠠᠨ᠎ᠠ᠃ ᠰᠢᠨ᠎ᠠ ᠪᠤᠰᠬᠠᠬᠰᠠᠨ ᠤᠪᠤᠭ᠎ᠠ ᠪᠤᠯ ᠰᠢᠭᠤᠳ ᠲᠠᠬᠢᠨ᠎ᠠ᠃ ᠬᠠᠭᠤᠴᠢᠨ ᠤᠪᠤᠭ᠎ᠠ ᠪᠤᠯ ᠤᠷᠴᠢᠨ ᠲᠤᠭᠤᠷᠢᠨ ᠢᠶᠠᠨ ᠴᠡᠪᠡᠷᠯᠠᠨ ᠠᠷᠢᠯᠭᠠᠵᠤ᠂ ᠤᠪᠤᠭᠠᠠ ᠳᠤ ᠮᠤᠳᠤ ᠴᠢᠯᠠᠭᠤ᠂ ᠰᠢᠷᠤᠢ ᠲᠤᠭᠤᠰᠬ᠎ᠠ ᠵᠡᠷᠭᠡ ᠶᠢ ᠬᠦᠮᠤᠨ ᠪᠦᠷᠢ ᠬᠤᠪᠢ ᠬᠤᠪᠢᠨ ᠤ ᠪᠠᠨ ᠨᠡᠮᠡᠵᠤ ᠰᠢᠨᠡᠳᠭᠡᠨ ᠵᠠᠰᠠᠭᠠᠳ᠂ ᠮᠠᠨᠢ ᠶᠢᠨ ᠵᠢᠷᠭᠤᠭᠠᠨ ᠦᠰᠦᠭ ᠲᠠᠢ ᠲᠠᠪᠤᠨ ᠦᠡᠭᠭᠡ ᠶᠢᠨ ᠲᠤᠷᠳᠤᠩ ᠢᠶᠠᠷ ᠲᠠᠷᠴᠤᠭ ᠤᠨᠵᠢᠭᠤᠯᠤᠨ᠂ ᠬᠡᠶᠢᠮᠤᠷᠢ ᠬᠡᠶᠢᠰᠭᠡᠵᠤ ᠬᠠᠳᠠᠭ ᠡᠷᠭᠦᠨ᠎ᠠ᠃ ᠤᠪᠤᠭᠠᠨ ᠤ ᠡᠮᠤᠨ᠎ᠠ ᠲᠠᠬᠢᠯᠭ᠎ᠠ ᠶᠢᠨ ᠪᠦᠬᠦᠯᠢ ᠰᠢᠭᠦᠰᠤ᠂ ᠴᠠᠭᠠᠨ ᠢᠳᠡᠭᠡ ᠶᠢᠨ ᠵᠦᠢᠯᠡᠰ᠂ ᠪᠤᠤᠪᠤ ᠪᠤᠭᠤᠷᠰᠤᠭ᠂ ᠠᠯᠢᠮ᠎ᠠ ᠵᠢᠮᠢᠰ ᠵᠡᠷᠭᠡ ᠶᠢ ᠦᠷᠦᠵᠤ ᠲᠠᠯᠪᠢᠨ᠎ᠠ᠃ ᠪᠠᠷᠤᠭ ᠯᠤᠤ ᠴᠠᠭ ᠤᠨ ᠦᠶ᠎ᠠ ᠪᠠᠷ ᠤᠪᠤᠭᠠᠨ ᠲᠠᠬᠢᠯᠭ᠎ᠠ ᠡᠬᠢᠯᠡᠵᠤ ᠯᠠᠮᠠ ᠨᠠᠷ ᠲᠠᠬᠢᠯᠭ᠎ᠠ ᠶᠢᠨ ᠢᠷᠦᠭᠡᠯ ᠤᠡᠭᠰᠢᠵᠤ ᠪᠦᠬᠦᠳᠠ ᠤᠯᠠᠨ ᠢᠶᠠᠷ ᠢᠶᠠᠨ ᠡᠷᠬᠢᠮ ᠲᠤᠤᠷᠠᠳᠤ ᠬᠡᠵᠤ ᠢᠯᠭᠠᠯ ᠦᠭᠡᠢ ᠤᠪᠤᠭᠠᠨ ᠳᠠᠭᠠᠨ ᠮᠦᠷᠭᠦᠨ ᠵᠠᠯᠪᠠᠷᠢᠭᠠᠳ ᠲᠠᠬᠢᠨ ᠬᠠᠳᠠᠭ ᠡᠷᠭᠦᠨ ᠢᠳᠡᠭᠡᠨ ᠤ ᠲᠠᠭᠡᠵᠢ ᠪᠠᠨ ᠪᠠᠷᠢᠨ ᠦᠪᠡᠷ ᠦᠪᠡᠷ ᠤᠨ ᠬᠦᠰᠡᠯ ᠰᠡᠳᠬᠢᠯ ᠢᠶᠠᠨ ᠢᠯᠡᠳᠭᠡᠨ ᠲᠠᠯᠠᠯᠭ᠎ᠠ ᠲᠠᠯᠠᠯᠤᠭᠠᠳ ᠤᠪᠤᠭ᠎ᠠ ᠪᠠᠨ ᠭᠤᠷᠪᠠᠨ ᠭᠤᠷᠪᠠ ᠶᠢᠰᠤ ᠪᠠᠷ ᠲᠤᠭᠤᠷᠢᠨ ᠡᠷᠬᠢᠨ᠎ᠠ᠃        ︽ᠤᠪᠤᠭᠠᠨ ᠤ ᠬᠡᠰᠢᠭ ᠢ ᠤᠯᠠᠨ ᠢᠶᠠᠷ ᠢᠶᠠᠨ︾ ᠬᠡᠵᠤ ᠤᠪᠤᠭ᠎ᠠ ᠲᠠᠬᠢᠬᠰᠠᠨ ᠮᠢᠬ᠎ᠠ᠂ ᠴᠠᠭᠠᠨ ᠢᠳᠡᠭᠡ᠂ ᠵᠢᠮᠢᠰ ᠪᠤᠭᠤᠷᠰᠤᠭ ᠵᠡᠷᠭᠡ ᠶᠢ ᠤᠯᠠᠨ ᠢᠶᠠᠷ ᠢᠶᠠᠨ ᠬᠤᠪᠢᠶᠠᠯᠴᠠᠨ ᠢᠳᠡᠵᠡᠭᠡᠵᠤ ᠬᠡᠳᠤᠢ ᠤᠯᠠᠨ ᠤᠯᠵᠤ ᠢᠳᠡᠭᠰᠡᠨ ᠪᠤᠯ ᠲᠡᠳᠤᠢ ᠰᠠᠶᠢᠨ ᠬᠡᠵᠤ ᠪᠡᠯᠭᠡᠰᠢᠶᠠᠨ ᠦᠵᠡᠭᠦ ᠪᠤᠯᠬᠤᠷ ᠵᠠᠪᠳᠤᠨ ᠢᠳᠡᠨ᠎ᠠ᠃ ᠲᠡᠭᠡᠭᠡᠳ ᠲᠠᠬᠢᠯᠭ᠎ᠠ ᠲᠠᠭᠤᠰᠤᠨ᠎ᠠ᠃                      ᠤᠪᠤᠭ᠎ᠠ ᠶᠢᠨ ᠨᠠᠶᠢᠷ᠂ ᠤᠪᠤᠭᠠᠨ ᠴᠢᠭᠤᠯᠭᠠᠨ         ︽ᠨᠠᠭᠠᠳᠤᠮ ᠤᠨ ᠲᠡᠭᠡᠵᠢ ᠰᠢᠳᠡᠷ᠎ᠠ ᠨᠠᠭᠠᠳᠤᠮ᠂ ᠨᠠᠶᠢᠷ ᠤᠨ ᠲᠡᠭᠡᠵᠢ ᠤᠪᠤᠭᠠᠨ ᠨᠠᠶᠢᠷ︾ ᠬᠡᠵᠤ ᠡᠵᠡᠳ ᠰᠠᠬᠢᠭᠤᠰᠤ ᠪᠠᠨ ᠲᠠᠬᠢᠵᠤ ᠡᠷ᠎ᠠ ᠶᠢᠨ ᠭᠤᠷᠪᠠᠨ ᠨᠠᠭᠠᠳᠤᠮ ᠢᠶᠠᠨ ᠦᠷᠭᠦᠯᠵᠢᠯᠡᠭᠦᠯᠭᠦ ᠪᠤᠯ ᠨᠠᠶᠢᠳᠠ ᠮᠤᠩᠭᠤᠯᠴᠤᠳ ᠤᠨ ᠨᠢᠭᠡ ᠶᠡᠭᠡ ᠲᠤᠷᠠᠰᠬᠠᠯᠳᠤ ᠨᠠᠶᠢᠷ ᠪᠤᠯᠬᠤ ᠶᠤᠮ᠃ ᠨᠠᠶᠢᠷ ᠤᠨ ᠲᠠᠯᠠᠪᠤᠷ ᠤᠨ ᠠᠷᠤ ᠲᠠᠯ᠎ᠠ ᠳᠤ ᠶᠡᠭᠡ ᠴᠠᠴᠠᠷ ᠢ ᠡᠮᠤᠨᠠᠰᠢ ᠬᠠᠨᠳᠤᠭᠤᠯᠤᠨ ᠪᠤᠰᠬᠠᠵᠤ᠂ ᠬᠤᠶᠢᠳᠤ ᠲᠠᠯ᠎ᠠ ᠳᠤᠨᠢ ᠰᠢᠷᠡᠭᠡ ᠵᠠᠰᠠᠭᠠᠳ ᠬᠡᠭᠡᠨ ᠬᠤᠪᠢᠯᠭᠠᠳ᠂ ᠸᠠᠩ ᠬᠦᠡᠭ ᠪᠤᠯᠤᠨ ᠬᠠᠳᠤᠳ ᠢ ᠵᠠᠯᠠᠨ ᠰᠠᠭᠤᠯᠭᠠᠵᠤ ᠪᠤᠰᠤᠳ ᠱᠠᠪᠷᠤᠩ ᠯᠠᠮᠠ᠂ ᠨᠤᠶᠠᠳ ᠲᠦᠰᠢᠮᠡᠳ ᠢ ᠵᠡᠭᠦᠨ ᠪᠠᠷᠠᠭᠤᠨ ᠲᠠᠯ᠎ᠠ ᠪᠠᠷ ᠨᠢ ᠰᠢᠷᠡᠭᠡ ᠲᠠᠯᠪᠢᠨ ᠰᠠᠭᠤᠯᠭᠠᠳᠠᠭ᠃ ᠦᠵᠡᠭᠴᠢ ᠤᠯᠠᠨ ᠨᠢ ᠨᠠᠶᠢᠷ ᠤᠨ ᠲᠠᠯᠠᠪᠠᠢ ᠶᠢ ᠲᠤᠭᠤᠷᠢᠵᠤ ᠬᠦᠷᠢᠶᠠᠯᠠᠨ ᠰᠠᠭᠤᠬᠤ ᠪᠤᠶᠤ ᠵᠤᠬᠰᠤᠵᠠᠭᠠᠳᠠᠭ᠃         ᠤᠪᠤᠭᠠᠨ ᠨᠠᠶᠢᠷ ᠲᠤ ᠵᠠᠪᠠᠯ ᠪᠦᠭᠡ ᠪᠠᠷᠢᠯᠳᠤᠵᠤ ᠮᠤᠷᠢ ᠤᠷᠤᠯᠳᠤᠨ᠎ᠠ᠃ ᠪᠠᠰᠠ ᠬᠡᠤᠭᠡᠳ ᠢ ᠬᠦᠶᠦᠯᠭᠡᠵᠤ ᠤᠷᠤᠯᠳᠤᠭᠤᠯᠤᠨ᠎ᠠ᠃ ᠬᠤᠷᠴᠢᠨ ᠤ ᠨᠠᠶᠢᠷ ᠲᠡᠭᠡᠷ᠎ᠠ ᠰᠤᠷ ᠬᠠᠷᠪᠤᠬᠤ ᠬᠠᠷᠠᠬᠳᠠᠬᠤ ᠪᠠᠨ ᠪᠠᠶᠢᠵᠤ᠂ ᠬᠠᠷᠢᠨ ᠪᠢᠯᠠᠭᠤ ᠰᠢᠳᠠᠵᠤ ᠤᠷᠤᠯᠳᠤᠬᠤ ᠨᠢ ᠲᠦᠭᠡᠮᠡᠯ ᠬᠠᠷᠠᠬᠳᠠᠳᠠᠭ ᠪᠤᠯᠵᠠᠢ᠃ ᠤᠷᠤᠯᠳᠤᠭᠠᠨ ᠳᠤ ᠰᠢᠯᠢᠳᠡᠭ ᠪᠦᠳᠦᠮᠵᠢ ᠭᠠᠷᠭᠠᠬᠰᠠᠳ ᠲᠤ ᠪᠦᠷ ᠱᠠᠩ ᠲᠠᠢ᠃ ᠱᠠᠩ ᠤᠨ ᠶᠡᠭᠡ ᠪᠠᠭ᠎ᠠ ᠨᠢ ᠨᠢᠷᠪᠠ ᠶᠢᠨ ᠪᠠᠳᠢᠷᠯᠡᠵᠤ ᠤᠯᠤᠬᠰᠠᠨ ᠶᠠᠭᠤᠮ᠎ᠠ ᠶᠢᠨ ᠠᠷᠪᠢᠨ ᠴᠦᠭᠡᠨ ᠢᠶᠠᠷ ᠰᠢᠢᠳᠪᠤᠷᠢᠯᠡᠭᠳᠡᠳᠡᠭ᠃ ᠬᠦᠮᠤᠰ ᠪᠠᠶᠠᠷᠯᠠᠨ ᠨᠠᠶᠢᠷᠯᠠᠪᠠᠯ ︽ᠠᠭᠤᠯᠠ ᠤᠰᠤᠨ ᠤ ᠡᠵᠡᠳ ᠰᠠᠬᠢᠭᠤᠰᠤ ᠴᠤ ᠪᠠᠶᠠᠰᠴᠤ ᠪᠤᠷᠤᠭᠠᠨ ᠬᠤᠷ᠎ᠠ ᠪᠠᠨ ᠪᠠᠭᠤᠯᠭᠠᠳᠠᠭ︾ ᠬᠡᠳᠡᠭ ᠃ ᠦᠨᠡᠭᠡᠷ ᠤᠪᠤᠭ᠎ᠠ ᠲᠠᠬᠢᠬᠰᠠᠨ ᠡᠳᠤᠷ ᠤᠯᠠᠩᠬᠢ ᠳᠠᠭᠠᠨ ᠪᠤᠷᠤᠭᠠᠨ ᠤᠷᠤᠳᠠᠭ ᠪᠠᠶᠢᠨ᠎ᠠ᠃         ᠤᠪᠤᠭ᠎ᠠ ᠲᠠᠬᠢᠬᠤ ᠠᠴᠠ ᠪᠤᠰᠤᠳ ᠴᠠᠭ ᠲᠤ ᠤᠪᠤᠭ᠎ᠠ ᠪᠤᠰᠬᠠᠬᠰᠠᠨ ᠲᠡᠷᠡ ᠤᠷᠤᠢ ᠲᠡᠭᠡᠷ᠎ᠠ ᠭᠠᠷᠴᠤ ᠪᠤᠯᠬᠤ ᠦᠭᠡᠢ᠃ ᠴᠢᠯᠠᠭᠤ᠂ ᠲᠤᠭᠤᠰᠬ᠎ᠠ᠂ ᠪᠤᠷᠭᠠᠰᠤ᠂ ᠲᠦᠯᠡᠭᠡ ᠶᠢ ᠨᠢ ᠬᠦᠳᠡᠯᠭᠡᠵᠤ ᠪᠤᠯᠬᠤ ᠦᠭᠡᠢ᠃ ᠤᠢᠢᠷ᠎ᠠ ᠤᠷᠴᠢᠮ ᠳᠤᠨᠢ ᠲᠠᠷᠢᠶ᠎ᠠ ᠲᠦᠮᠦᠰᠤ ᠲᠠᠷᠢᠵᠤ ᠪᠤᠯᠬᠤ ᠦᠭᠡᠢ᠃ ᠡᠪᠡᠰᠤ ᠲᠦᠯᠡᠭᠡ ᠬᠠᠳᠤᠵᠤ ᠪᠤᠯᠳᠠᠭ ᠦᠭᠡᠢ᠃ ᠤᠪᠤᠭ᠎ᠠ ᠶᠢᠨ ᠬᠠᠵᠠᠭᠤ ᠪᠠᠷ ᠦᠡᠭᠭᠡᠷᠡᠭᠴᠢᠳ ᠤᠨᠤᠭ᠎ᠠ ᠮᠤᠷᠢ ᠠᠴᠠ ᠪᠠᠨ ᠵᠠᠪᠠᠯ ᠪᠠᠭᠤᠬᠤ ᠬᠡᠷᠡᠭᠳᠡᠢ᠃           ᠤᠪᠤᠭᠠᠨ ᠴᠢᠭᠤᠯᠭᠠᠨ ᠨᠢ ᠮᠦᠨ ᠤᠪᠤᠭᠠᠨ ᠲᠠᠬᠢᠯᠭ᠎ᠠ ᠶᠢᠨ ᠶᠤᠰᠤᠨ ᠤ ᠨᠢᠭᠡᠨ ᠴᠢᠬᠤᠯᠠ ᠠᠭᠤᠯᠭ᠎ᠠ ᠮᠦᠨ᠃ ᠡᠷᠳᠡᠨ ᠤ ᠦᠶ᠎ᠠ ᠶᠢᠨ ᠵᠠᠰᠠᠭ ᠲᠦᠷᠦ ᠶᠢᠨ ᠲᠠᠯ᠎ᠠ ᠠᠴᠠ ᠡᠰᠡᠭᠦᠯ᠎ᠠ ᠠᠶᠢᠯ ᠠᠶᠢᠮᠠᠭ ᠤᠨ ᠵᠠᠰᠠᠭ ᠤᠨ ᠲᠠᠯ᠎ᠠ ᠠᠴᠠ ᠤᠪᠤᠭᠠᠨ ᠲᠠᠬᠢᠯᠭ᠎ᠠ ᠳᠤ ᠤᠯᠠᠨ ᠬᠦᠮᠤᠨ ᠴᠤᠬᠯᠠᠷᠠᠬᠤ ᠶᠢ ᠲᠤᠬᠢᠶᠠᠯᠳᠤᠭᠤᠯᠤᠨ ᠴᠢᠭᠤᠯᠭᠠᠨ ᠴᠢᠭᠤᠯᠵᠤ᠂ ᠬᠤᠷᠠᠯ ᠬᠤᠷᠠᠯᠳᠤᠭᠤᠯᠤᠨ᠂ ᠦᠡᠭᠭᠡᠷᠡᠭᠰᠡᠨ ᠤ ᠰᠢᠢᠳᠪᠤᠷᠢᠯᠡᠭᠦ ᠴᠢᠬᠤᠯᠠᠳᠠᠢ ᠲᠤᠮᠤ ᠬᠡᠷᠡᠭ ᠶᠠᠪᠤᠳᠠᠯ ᠢᠶᠠᠨ ᠲᠠᠰᠤᠯᠤᠨ ᠰᠢᠢᠳᠭᠡᠵᠤ ᠤᠯᠠᠨ ᠤ ᠡᠮᠤᠨ᠎ᠠ ᠲᠤᠷᠭᠤᠭᠠᠬᠤ ᠴᠢᠬᠤᠯᠠᠳᠠᠢ ᠶᠢ ᠨᠢ ᠶᠠᠯᠠᠯᠠᠨ ᠲᠤᠷᠭᠤᠭᠠᠵᠤ᠂ ᠱᠠᠩᠨᠠᠬᠤ ᠴᠢᠬᠤᠯᠠᠳᠠᠢ ᠶᠢ ᠬᠦᠬᠢᠭᠦᠯᠦᠨ ᠱᠠᠩᠨᠠᠨ᠎ᠠ᠃ ᠵᠢᠱᠢᠶᠠᠯᠠᠪᠠᠯ᠂ ᠬᠤᠯᠠᠭᠠᠢ ᠲᠡᠭᠡᠷᠡᠮ ᠤᠨ ᠤᠴᠢᠷ᠂ ᠭᠠᠵᠠᠷ ᠨᠤᠳᠤᠭ ᠪᠡᠯᠴᠢᠭᠡᠷ ᠬᠦᠷᠢᠶ᠎ᠠ ᠶᠢᠨ ᠵᠠᠬ᠎ᠠ ᠵᠠᠭᠠᠭ ᠤᠨ ᠵᠢᠭᠤᠷᠠᠯᠳᠤᠭᠠᠨ ᠵᠡᠷᠭᠡ ᠨᠡᠶᠢᠭᠡᠮ ᠤᠨ ᠬᠡᠷᠡᠭ ᠵᠠᠷᠭᠤ ᠠᠴᠠ ᠭᠡᠷ ᠵᠠᠭᠤᠷ᠎ᠠ ᠶᠢᠨ ᠬᠡᠷᠡᠭ ᠤᠴᠢᠷ ᠲᠤ ᠬᠦᠷᠳᠡᠯ᠎ᠠ ᠰᠢᠳᠭᠡᠨ ᠰᠢᠢᠳᠪᠤᠷᠢᠯᠡᠨ᠎ᠠ᠃ ᠁ ᠁         ᠬᠦᠮᠤᠨ ᠲᠦᠷᠥᠯᠬᠢᠳᠠᠨ ᠠᠮᠢᠳᠤᠷᠠᠯ ᠲᠡᠮᠡᠴᠠᠯ ᠤᠨ ᠲᠤᠮᠳᠠ ᠪᠠᠨ ᠬᠦᠮᠤᠨ ᠪᠠᠶᠢᠭᠠᠯᠢ ᠶᠢᠨ ᠬᠤᠭᠤᠷᠤᠨᠳᠤ᠂ ᠬᠦᠮᠤᠨ ᠬᠦᠮᠤᠨ ᠤ ᠬᠤᠭᠤᠷᠤᠨᠳᠤ ᠡᠶ᠎ᠡ ᠵᠤᠬᠢᠴᠠᠩᠭᠤᠢ ᠤᠷᠤᠰᠢᠬᠤ ᠶᠢᠨ ᠰᠠᠶᠢᠨ ᠰᠠᠶᠢᠬᠠᠨ ᠤᠴᠢᠷ ᠤᠬᠠᠭᠠᠨ ᠢ ᠤᠯᠠᠮ ᠠᠴᠠ ᠤᠯᠠᠮ ᠰᠡᠭᠡᠭᠡᠷᠡᠨ ᠤᠬᠠᠭᠠᠷᠠᠵᠤ᠂ ᠪᠠᠶᠢᠭᠠᠯᠢᠯᠢᠭ ᠰᠤᠶᠤᠯ ᠤᠨ ᠦᠯᠡᠳᠡᠭᠳᠡᠯ ᠪᠤᠯ ᠦᠴᠦᠭᠡᠳᠤᠷ ᠤᠨ ᠦᠪ᠂ ᠦᠨᠤᠳᠤᠷ ᠤᠨ ᠵᠠᠯᠭᠠᠮᠵᠢ᠂ ᠢᠷᠡᠭᠡᠳᠤᠢ ᠶᠢᠨ ᠴᠤᠬᠴᠠᠯᠠᠪᠤᠷᠢ ᠪᠤᠯᠬᠤ ᠶᠢ ᠨᠠᠩ ᠬᠦᠨ ᠲᠠᠨᠢᠵᠤ ᠤᠯᠤᠬᠰᠠᠨ ᠪᠠᠶᠢᠨ᠎ᠠ᠃ ᠮᠤᠩᠭᠤᠯᠴᠤᠳ ᠤᠨ ᠤᠤᠷ ᠰᠤᠶᠤᠯ ᠤᠪᠤᠭᠠᠨ ᠲᠠᠬᠢᠯᠭ᠎ᠠ ᠳᠤ ᠡᠭᠡ ᠪᠠᠶᠢᠭᠠᠯᠢ ᠪᠠᠨ ᠬᠠᠶᠢᠷᠠᠯᠠᠬᠤ᠂ ᠡᠪᠦᠭᠡ ᠲᠡᠭᠡᠳᠤᠰ ᠢᠶᠠᠨ ᠬᠦᠨᠳᠤᠳᠭᠡᠭᠦ᠂ ᠪᠠᠭᠠᠳᠤᠷ ᠬᠦᠮᠤᠰ ᠢ ᠪᠠᠭ᠋ᠠᠳᠤᠨ ᠪᠢᠰᠢᠷᠠᠭᠦ᠂ ᠪᠠᠭᠠᠴᠤᠳ ᠬᠡᠤᠭᠡᠳ ᠢᠶᠠᠨ ᠲᠤᠷᠨᠢᠭᠤᠨ ᠦᠰᠭᠡᠭᠦ ᠰᠠᠶᠢᠨ ᠰᠠᠶᠢᠬᠠᠨ ᠤ ᠡᠷᠢᠯ ᠬᠦᠰᠡᠯ ᠤᠨ ᠰᠠᠨᠠᠭ᠎ᠠ ᠠᠭᠤᠯᠤᠬᠳᠠᠵᠤ ᠪᠠᠶᠢᠳᠠᠭ ᠠᠴᠠ ᠤᠪᠤᠭᠠᠨ ᠲᠠᠬᠢᠯᠭ᠎ᠠ ᠶᠢᠨ ᠵᠠᠩ ᠦᠢᠯᠡ ᠨᠢ ᠦᠨᠦᠳᠤᠷ ᠤᠯᠤᠰ ᠤᠨ ᠲᠠᠰ ᠤᠨ ︽ᠪᠤᠳᠠᠰ ᠤᠨ ᠪᠤᠰᠤ ᠰᠤᠶᠤᠯ ᠤᠨ ᠦᠪ︾ ᠪᠤᠯᠪᠠ᠃ ᠡᠨᠡ ᠨᠢ ᠤᠪᠤᠭᠠᠠ ᠲᠠᠬᠢᠯᠭ᠎ᠠ ᠶᠢᠨ ᠰᠤᠶᠤᠯ ᠢ ᠠᠪᠤᠷᠠᠵᠤ ᠬᠠᠮᠠᠭᠠᠯᠠᠵᠤ᠂ ᠠᠭᠤᠳᠠᠯᠤᠨ ᠢᠯᠡᠷᠡᠭᠦᠯᠭᠦ᠂ ᠰᠤᠳᠤᠯᠵᠤ ᠬᠦᠭᠵᠢᠭᠦᠯᠭᠦ ᠴᠢᠬᠤᠯᠠ ᠲᠠᠢ ᠪᠤᠯᠵᠤ ᠪᠠᠶᠢᠭ᠎ᠠ ᠶᠢ ᠬᠠᠷᠠᠭᠤᠯᠤᠨ᠎ᠠ᠃ ᠲᠡᠭᠦᠨ ᠢ ᠠᠪᠤᠷᠠᠵᠤ ᠬᠠᠮᠠᠭᠠᠯᠠᠬᠤ᠂ ᠤᠯᠠᠮᠵᠢᠯᠠᠵᠤ ᠬᠦᠭᠵᠢᠭᠦᠯᠭᠦ ᠠᠵᠢᠯ ᠤᠨ ᠡᠭᠦᠷᠭᠡ ᠬᠦᠨᠳᠤ ᠪᠠᠶᠢᠬᠰᠠᠭᠠᠷ᠃   
ᠢᠷᠡᠯᠲᠡ᠄ ᠲᠣᠰ ᠰᠥᠯᠵᠢᠶ᠎ᠡ