︽ᠲᠤᠮᠳᠠᠳᠣ ᠶᠢᠨ ᠥᠨᠳᠣᠰᠣᠳᠡᠨ ᠤ ᠬᠠᠮᠳᠣ ᠶᠢᠨ ᠴᠤᠬᠴᠠ ᠶᠢᠨ ᠥᠵᠡᠯ ᠤᠬᠠᠮᠰᠠᠷ ᠢ ᠪᠠᠳᠣ ᠴᠤᠬᠴᠠᠯᠠᠬᠤ ᠲᠤᠷᠠᠰᠬᠠᠯᠳᠣ ᠪᠤᠳᠠᠰ ᠨᠤᠮ ᠰᠣᠳᠣᠷ ᠤᠨ ᠥᠵᠡᠭᠦᠯᠥᠯᠭᠡ︾ ᠪᠡᠭᠡᠵᠢᠩ ᠤᠨ ᠥᠨᠳᠣᠰᠣᠳᠡᠨ ᠤ ᠰᠤᠶᠤᠯ ᠤᠨ ᠤᠷᠳᠣᠨ ᠳᠤ ᠶᠠᠪᠤᠬᠳᠠᠵᠦ ᠪᠠᠶᠢᠨ᠎ᠠ
ᠨᠡᠶᠢᠲᠡᠯᠡᠭᠰᠡᠨ ᠴᠠᠭ᠄
2024/1/12
       ᠣᠯᠣᠰ ᠤᠨ   ᠥᠨᠳᠣᠰᠣᠳᠡᠨ ᠤ   ᠬᠡᠷᠡᠭ   ᠡᠷᠬᠢᠯᠡᠬᠦ   ᠺᠤᠮᠢᠰ ‍ᠤᠨ‌ᠭᠤᠤᠯᠯᠠᠨ   ᠡᠷᠬᠢᠯᠡᠭᠰᠡᠨ   ︽ᠲᠤᠮᠳᠠᠳᠣ ᠵᠢᠨ‌ᠥᠨᠳᠣᠰᠣᠳᠡᠨ ᠤ  ᠬᠠᠮᠳᠣ ᠶᠢᠨ  ᠴᠤᠬᠴᠠ ᠶᠢᠨ  ᠥᠵᠡᠯ  ᠤᠬᠠᠮᠰᠠᠷ ᠢ  ᠪᠠᠳᠣ  ᠴᠤᠬᠴᠠᠯᠠᠬᠤ  ᠲᠤᠷᠠᠰᠬᠠᠯᠳᠣ  ᠪᠤᠳᠠᠰ  ᠨᠤᠮ‌‍ᠰᠣᠳᠣᠷ ᠤᠨ ᠥᠵᠡᠭᠦᠯᠥᠯᠭᠡ︾ ᠪᠡᠭᠡᠵᠢᠩ ᠤᠨ ᠥᠨᠳᠣᠰᠣᠳᠡᠨ ᠤ ᠰᠤᠶᠤᠯ ᠤᠨ ᠤᠷᠳᠣᠨ ᠳᠤ  ᠶᠠᠪᠤᠬᠳᠠᠵᠦ  ᠪᠠᠶᠢᠨ᠎ᠠ᠃  ᠠᠳᠡ‌ᠥᠨᠳᠣᠰᠣᠳᠡᠨ ᠨᠦᠭᠦᠳ ᠤᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠤᠨ ᠲᠡᠣᠬᠡ ᠶᠢ ᠭᠡᠷᠡᠴᠢᠯᠡᠭᠰᠡᠨ ᠲᠠᠩ ᠣᠯᠣᠰ ᠤᠨ  ᠸᠧᠨ‌‍ᠴᠧᠩ ᠭᠥᠩᠵᠤ ᠶᠢᠨ ᠲᠥᠪᠡᠳ ᠲᠤ ᠠᠪᠴᠤ ᠤᠴᠢᠬᠰᠠᠨ ᠭᠦᠭᠵᠢᠮ ᠪᠤᠯᠤᠨ ᠤᠷᠳᠣ  ᠬᠡᠩᠭᠡᠷᠭᠡ᠂  ᠬᠢᠳᠠᠳ  ᠮᠠᠨᠵᠤ  ᠮᠤᠩᠭᠤᠯ‌ᠭᠤᠷᠪᠠᠨ ᠬᠡᠯᠡ ᠪᠠᠷ ᠬᠡᠪᠯᠡᠭᠳᠡᠭᠰᠡᠨ ︽ᠮᠧᠩᠽᠢ ᠪᠢᠴᠢᠭ︾᠂ ᠲᠤᠮᠳᠠᠳᠣ ᠣᠯᠣᠰ ᠤᠨ ᠡᠪ ᠬᠠᠮᠳᠣ ᠨᠠᠮ ᠪᠠᠶᠢᠭᠤᠯᠤᠬᠳᠠᠬᠰᠠᠨ ᠡᠴᠠ‌ᠤᠳᠤ ᠪᠤᠯᠳᠠᠯ᠎ᠠ ᠣᠯᠪᠠᠭ᠎ᠠ ᠨᠢᠭᠡᠳᠡᠢ ᠲᠤᠮᠳᠠᠳᠣ ᠶᠢᠨ ᠥᠨᠳᠣᠰᠣᠳᠡᠨ ᠤ ᠶᠡᠭᠡ ᠪᠥᠯᠬᠦᠮᠳᠡᠯ ᠤᠨ ᠭᠦᠨ ᠭᠦᠨᠵᠡᠬᠡᠢ ᠥᠵᠡᠯ ᠰᠠᠨᠠᠭ᠎ᠠ‌‍ᠪᠤᠯᠤᠨ ᠡᠯᠪᠡᠭ ᠪᠠᠶᠠᠯᠢᠭ ᠥᠢᠯᠡᠳᠥᠯᠭᠡ ᠶᠢ ᠬᠠᠷᠠᠭᠤᠯᠤᠬᠰᠠᠨ ᠠᠯᠢ ᠤᠯᠠᠨ ᠬᠤᠪᠤᠷ ᠨᠠᠨᠳᠢᠨ ᠲᠤᠷᠠᠰᠬᠠᠯᠳᠣ ᠪᠤᠳᠠᠰ  ᠪᠠ  ᠪᠢᠴᠢᠭ‌ᠮᠠᠲ᠋ᠧᠷᠢᠶᠠᠯ ᠢ ᠲᠡᠯᠭᠡᠨ ᠥᠵᠡᠭᠦᠯᠵᠦ ᠪᠠᠶᠢᠨ᠎ᠠ᠃ ᠲᠡᠯᠭᠡᠨ ᠥᠵᠡᠭᠦᠯᠵᠦ ᠪᠠᠶᠢᠭ᠎ᠠ 1500  ᠭᠠᠷᠤᠢ  ᠡᠷᠳᠡᠨ ᠤ  ᠨᠤᠮ  ᠪᠢᠴᠢᠭ‌‍ᠪᠤᠯᠤᠨ ᠲᠤᠷᠠᠰᠬᠠᠯᠳᠣ ᠪᠤᠳᠠᠰ ᠨᠢ ᠲᠤᠮᠳᠠᠳᠣ ᠶᠢᠨ ᠰᠣᠶᠣᠯ ᠤᠨ ᠡᠭᠦᠰᠥᠯ᠂ ᠪᠥᠷᠢᠯᠳᠥᠯ ᠪᠠ ᠭᠦᠭᠵᠢᠯ ᠤᠨ ᠶᠠᠪᠤᠴᠠ ᠶᠢ  ᠣᠯᠣᠰ‌‍ᠲ᠋ᠥ᠋ᠷᠥ᠂ ᠠᠵᠦ ᠠᠬᠤᠢ᠂ ᠨᠡᠶᠢᠭᠡᠮ᠂ ᠰᠣᠶᠣᠯ ᠵᠡᠷᠭᠡ ᠣᠯᠠᠨ ᠲᠠᠯ᠎ᠠ ᠠᠴᠠ  ᠬᠠᠷᠠᠭᠤᠯᠵᠦ᠂  ᠲᠠᠪᠤᠨ  ᠮᠢᠩᠭ᠎ᠠ  ᠭᠠᠷᠤᠢ  ᠵᠢᠯ ‍ᠤᠨ‌‍ᠲ᠋ᠤᠷᠰᠢᠬᠢ  ᠥᠨᠳᠣᠰᠣᠳᠡᠨ ᠨᠦᠭᠦᠳ ᠤᠨ  ᠶᠠᠪᠤᠯᠴᠠᠭ᠎ᠠ  ᠰᠣᠯᠢᠯᠴᠠᠭ᠎ᠠ  ᠠᠭᠤᠰᠤᠯᠴᠠᠯ ᠤᠨ  ᠪᠤᠳᠠᠳᠣ  ᠲᠡᠣᠬᠡ ᠶᠢ  ᠠᠮᠢᠳᠣᠯᠢᠭ‌ᠬᠠᠷᠠᠭᠤᠯᠵᠦ᠂ ᠥᠵᠡᠭᠴᠢᠳ ᠲᠤ ᠲᠤᠮᠳᠠᠳᠣ ᠶᠢᠨ ᠥᠨᠳᠣᠰᠣᠳᠡᠨ ᠤ ᠬᠠᠮᠳᠣ ᠶᠢᠨ  ᠴᠤᠬᠴᠠ ᠶᠢᠨ  ᠪᠥᠷᠢᠯᠳᠥᠵᠦ  ᠭᠦᠭᠵᠢᠭᠰᠡᠨ‌‍ᠲ᠋ᠡᠣᠬᠡ ᠶᠢᠨ ᠬᠠᠭᠤᠳᠠᠰᠣ ᠶᠢ ᠲᠡᠯᠭᠡᠵᠦ ᠥᠵᠡᠭᠦᠯᠥᠭᠰᠡᠨ ᠪᠠᠶᠢᠨ᠎ᠠ᠃                               ᠥᠵᠡᠭᠦᠯᠥᠯᠭᠡ ᠶᠢ ᠨᠢᠳᠣᠨᠣᠨ ᠤ 8 ᠳ᠋ᠣᠭᠠᠷ ᠰᠠᠷ᠎ᠠ ᠶᠢᠨ 1 ᠤ ᠡᠳᠣᠷ ᠡᠬᠢᠯᠡᠭᠦᠯᠥᠭᠰᠡᠨ ᠠᠴᠠ ᠨᠠᠭᠠᠰᠢ ᠲᠠᠪᠬᠤᠷᠳᠠᠬᠰᠠᠨ‌‍ᠲ᠋ᠤᠭ᠎ᠠ ᠪᠠᠷ ᠨᠢᠭᠡᠨᠳᠡ 10 ᠲᠥᠮᠡ ᠭᠠᠷᠤᠢ ᠥᠵᠡᠭᠴᠢ ᠶᠢ ᠬᠥᠯᠢᠶᠡᠨ ᠠᠪᠤᠬᠰᠠᠨ ᠪᠠᠶᠢᠨ᠎ᠠ᠃
ᠢᠷᠡᠯᠲᠡ᠄ ᠠᠷᠠᠳ ᠤᠨ ᠰᠦᠯᠵᠢᠶ᠎ᠡ