ᠮᠠᠨᠤᠬᠤᠨ ᠬᠦᠬᠦᠦᠷ
ᠨᠡᠶᠢᠲᠡᠯᠡᠭᠰᠡᠨ ᠴᠠᠭ᠄
2023/9/7
                     ᠦᠬᠡ᠄ ᠰᠠᠶᠢᠨᠵᠠᠶᠠᠭ᠎ᠠ                     ᠠᠶ᠎ᠠ᠄ ᠪᠠᠶᠠᠨᠪᠤᠯᠠᠭ                     ᠲᠠᠭᠤᠴᠢᠨ᠄ ᠪᠠᠶᠠᠨᠪᠤᠯᠠᠭ     ᠵᠧ︕ ᠤᠷᠠᠨ ᠪᠦᠰᠡᠬᠦᠢ ᠶᠢᠨ ᠤᠶᠤᠬᠰᠠᠨ     ᠤᠭᠠᠯᠵᠠᠨ ᠬᠤᠸᠠᠷ ᠢᠶᠠᠷ ᠴᠢᠮᠡᠭᠰᠡᠨ     ᠲᠠᠰᠢᠶᠠᠨ ᠲᠡᠭᠡᠷ᠎ᠠ ᠪᠠᠨ ᠵᠡᠬᠦᠭᠰᠡᠨ     ᠲᠠᠯᠢᠩ ᠲᠤᠳᠤᠷ᠎ᠠ ᠪᠠᠨ ᠡᠷᠬᠢᠯᠳᠦᠭᠰᠡᠨ     ᠬᠠᠯᠠᠭᠤᠨ ᠠᠯᠠᠭᠠᠨ ᠳᠠᠭᠠᠨ ᠡᠷᠬᠢᠬᠦᠯᠦᠭᠰᠡᠨ     ᠬᠠᠶᠢᠷ᠎ᠠ ᠰᠡᠳᠬᠢᠯᠬᠡ ᠪᠠᠨ ᠰᠢᠩᠬᠡᠭᠡᠭᠰᠡᠨ     ᠬᠠᠷᠢᠯᠴᠠᠨ ᠵᠤᠯᠭᠠᠨ ᠰᠤᠯᠢᠯᠴᠠᠬᠰᠠᠨ     ᠬᠠᠰᠢ ᠮᠠᠨᠤᠬᠤᠨ ᠬᠦᠬᠦᠤᠷ ᠡ︕     ᠱᠢᠷᠤᠨ ᠲᠤᠯᠤᠭᠠᠢ ᠶᠢ ᠨᠢ ᠢᠯᠪᠢᠭᠰᠡᠨ     ᠱᠦᠢᠰᠦᠬᠡᠯᠡᠭᠰᠡᠨ ᠲᠠᠮᠡᠬᠢ ᠶᠢ ᠨᠢ ᠤᠮᠳᠠᠯᠠᠬᠰᠠᠨ     ᠠᠮᠤᠷ ᠮᠡᠨᠳᠤ ᠪᠠᠨ ᠠᠰᠠᠭᠤᠯᠴᠠᠬᠰᠠᠨ     ᠠᠵᠢᠯ ᠦᠢᠯᠡᠰ ᠢᠶᠠᠨ ᠬᠠᠭᠤᠴᠢᠯᠠᠬᠰᠠᠨ     ᠭᠠᠷ ᠲᠠᠮᠵᠢᠨ ᠲᠤᠰᠤᠬᠰᠠᠨ     ᠭᠠᠨᠭ᠍ᠭᠠᠡᠭ ᠰᠠᠶᠢᠬᠠᠨ ᠢ ᠨᠢ ᠱᠠᠬᠰᠢᠬᠰᠠᠨ     ᠤᠳᠤᠮ ᠲᠠᠮᠵᠢᠨ ᠦᠪᠯᠡᠭᠰᠡᠨ     ᠤᠴᠢᠷ ᠶᠤᠰᠤ ᠪᠠᠨ ᠲᠡᠭᠡᠳᠦᠯᠡᠭᠰᠡᠨ     ᠪᠠᠭᠤᠵᠦ ᠰᠠᠭᠠᠳᠠᠬᠰᠠᠨ ᠲᠡᠷᠢᠬᠦᠨ     ᠪᠤᠶᠠᠨ ᠬᠡᠰᠢᠭ ᠢᠶᠠᠨ ᠲᠡᠭᠡᠳᠦᠯᠡᠭᠰᠡᠨ     ᠰᠠᠶᠢᠨ ᠤᠤ ᠮᠡᠨᠳᠤ ᠶᠢᠨ ᠡᠬᠢᠨ ᠳᠤ     ᠰᠠᠶᠢᠬᠠᠨ ᠰᠡᠳᠬᠢᠯ ᠢᠶᠠᠨ ᠰᠤᠯᠢᠯᠴᠠᠬᠰᠠᠨ     ᠡᠨᠡ ᠪᠡᠶ᠎ᠠ ᠠᠴᠠ ᠰᠠᠯᠭᠠᠳᠠᠭ ᠦᠬᠡᠢ     ᠡᠷᠳᠡᠨᠢ ᠮᠠᠨᠤᠬᠤᠨ ᠬᠦᠬᠦᠤᠷ ᠡ︕     ᠬᠠᠭᠠᠨ ᠮᠤᠩᠭᠤᠯ ᠢᠶᠠᠨ ᠲᠡᠭᠡᠳᠦᠯᠡᠭᠰᠡᠨ     ᠬᠠᠰᠢ ᠮᠠᠨᠤᠬᠤᠨ ᠬᠦᠬᠦᠤᠷ ᠡ︕     ᠠᠯᠠᠭᠠᠨ ᠤ ᠬᠠᠯᠠᠭᠤᠨ ᠢᠯᠴᠢ ᠲᠠᠢ     ᠠᠷᠢᠭᠤᠨ ᠡᠷᠳᠡᠨᠢ ᠶᠢᠨ ᠬᠦᠬᠦᠦᠷ ᠡ︕     ᠠᠳᠬᠤᠨ ᠠᠳᠬᠤᠨ ᠵᠤᠯᠭᠠᠭᠠᠷᠡᠢ︕     ᠠᠮᠤᠷ ᠰᠠᠶᠢᠨ ᠪᠠᠶᠢᠨ᠎ᠠ ᠤᠤ ᠲᠠ ᠪᠦᠬᠦᠨ ᠮᠢᠨᠢ     ᠠᠶᠠᠳᠡᠢ ᠰᠠᠶᠢᠬᠠᠨ ᠰᠠᠭᠠᠳᠠᠭᠠᠷᠡᠢ︕     ᠬᠤᠷᠤᠭᠤᠨ ᠤ ᠰᠠᠶᠢᠬᠠᠨ ᠬᠡ ᠲᠠᠢ     ᠬᠤᠪᠠᠨ ᠭᠠᠨᠭ᠍ᠭᠠᠡᠭ ᠬᠦᠬᠦᠤᠷ ᠢ ᠨᠢ     ᠰᠢᠨᠵᠢᠨ ᠰᠢᠡᠵᠢᠨ ᠲᠤᠰᠤᠭᠠᠷᠡᠢ     ᠰᠠᠶᠢᠨ ᠪᠠᠶᠢᠨ᠎ᠠ ᠤᠤ ᠲᠠ ᠮᠢᠨᠢ     ᠰᠠᠶᠢᠬᠠᠨ ᠪᠠᠶᠠᠷᠯᠠᠵᠦ ᠵᠢᠷᠭᠠᠭᠠᠷᠡᠢ︕      ᠠᠯᠠᠭᠠᠨ ᠳᠠᠭᠠᠨ ᠰᠤᠯᠢᠯᠴᠠᠬᠰᠠᠨ ᠬᠦᠬᠡᠷᠦᠬᠦᠨ      ᠬᠦᠬᠦᠤᠷ      ᠠᠯᠳᠠᠨ ᠤᠳᠤᠮ ᠤᠨ ᠶᠤᠰᠤ ᠶᠢ ᠠᠭᠤᠰᠬᠠᠨ      ᠢᠯᠠᠭᠤᠬᠰᠠᠨ ᠦᠢᠯᠡᠰ ᠤᠨ ᠬᠡᠰᠢᠭ      ᠬᠤᠷᠦ᠋ᠢᠯᠠᠵᠦ      ᠠᠮᠢᠳᠤᠷᠠᠯ ᠤᠨ ᠬᠠᠯᠠᠭᠤᠨ ᠢᠯᠴᠢ      ᠲᠠᠮᠵᠢᠭᠤᠯᠤᠨ᠎ᠠ      ᠮᠠᠨᠤᠬᠤᠨ ᠬᠦᠬᠦᠤᠷ ᠤᠨ ᠮᠠᠨ ᠳᠤ      ᠤᠴᠢᠷᠯᠠᠬᠰᠠᠨ      ᠮᠠᠨᠳᠤᠬᠤ ᠮᠤᠩᠭᠤᠯ ᠤᠨ ᠤᠳᠤᠮᠰᠢᠯ      ᠪᠢᠯᠡ      ᠨᠠᠷᠠᠨ ᠲᠤᠭᠤᠨᠤ ᠲᠠᠢ ᠨᠠᠷᠢᠯᠢᠭ ᠬᠦᠬᠦᠤᠷ      ᠨᠠᠷᠮᠠᠢ ᠮᠤᠩᠭᠤᠯ ᠤᠨ ᠲᠤᠤᠯᠢᠰ      ᠬᠦᠤᠷᠨᠢᠵᠦ      ᠨᠠᠰᠤᠳᠠᠨ ᠪᠤᠭᠤᠷᠤᠯᠴᠤᠳ ᠤᠨ ᠤᠬᠠᠭᠠᠨ      ᠰᠦᠭᠯᠡᠨ      ᠨᠢᠯᠬᠠᠰ ᠤᠨ ᠤᠶᠤᠨ ᠳᠤ ᠤᠶᠠᠩᠭᠠᠷᠠᠨ      ᠬᠤᠨᠤᠬᠰᠢᠨ᠎ᠠ      ︵ᠲᠠᠬᠢᠯᠳᠠ︶      ᠲᠡᠪᠡᠯ ᠲᠠᠢ ᠮᠤᠩᠭᠤᠯ ᠳᠠᠭᠠᠨ ᠮᠠᠨᠤᠬᠤᠨ ᠬᠦᠬᠦᠤᠷ      ᠲᠡᠬᠡᠵᠢᠯᠡᠵᠦ ᠶᠠᠪᠤᠳᠠᠭ ᠰᠦᠷ ᠨᠢ ᠪᠢᠯᠡ      ᠲᠡᠯᠭᠡᠷ ᠬᠤᠷᠸ᠎ᠠ ᠳᠤ ᠮᠠᠨᠤᠬᠤᠨ ᠬᠦᠬᠦᠤᠷ      ᠲᠡᠭᠡᠳᠦᠰ ᠤᠨ ᠦᠢᠯᠡᠰ ᠢ ᠱᠤᠭᠤᠳᠠᠭ ᠪᠢᠯᠡ      ︵ᠲᠠᠬᠢᠯᠳᠠ︶ 
ᠢᠷᠡᠯᠲᠡ᠄ ᠣᠷᠳᠣᠰ ᠮᠣᠩᠭᠤᠯ ᠰᠦᠯᠵᠢᠶ᠎ᠡ