ᠬᠠᠷᠠᠮᠰᠠᠯ ᠪᠤᠶᠤ ᠳᠤᠷᠠᠰᠤᠮᠵᠢ
ᠨᠡᠶᠢᠲᠡᠯᠡᠭᠰᠡᠨ ᠴᠠᠭ᠄
2023/9/26
       ᠬᠠᠷᠠᠮᠰᠠᠯ ᠬᠤᠴᠤᠷᠭᠠᠨ ᠬᠡᠮᠰᠢᠬᠦ ᠶᠢᠨ ᠤᠷᠤᠨ ᠳᠤ ᠳᠤᠷᠠᠰᠤᠮᠵᠢ ᠦᠯᠡᠳᠡᠬᠡᠵᠤ ᠪᠠᠶᠠᠰᠬᠤ ᠰᠠᠶᠢᠬᠠᠨ ᠁ ︽ᠪᠤᠷᠬᠠᠨ ᠳᠤ ᠪᠠᠰᠠ ᠭᠤᠷᠪᠠᠨ ᠪᠦᠭᠡᠰᠦ ᠲᠠᠢ ᠪᠠᠶᠢᠳᠠᠯ᠎ᠠ᠂ ᠬᠡᠨ ᠨᠢ ᠪᠠᠭ᠎ᠠ ᠰᠠᠭ᠎ᠠ ᠠᠯᠳᠠᠭ᠎ᠠ ᠭᠠᠷᠭᠠᠬᠤ ᠦᠬᠡᠢ ᠪᠤᠢ⁈︾ ᠭᠡᠵᠤ ᠡᠪᠦᠬᠡᠳ ᠤᠨ ᠬᠡᠯᠡᠬᠦ ᠶᠢ ᠵᠦᠪ ᠬᠡᠵᠤ ᠪᠤᠳᠤᠨ᠎ᠠ᠃ ᠬᠦᠮᠦᠨ ᠪᠤᠷᠤᠭᠤ ᠵᠦᠷᠢᠬᠦᠦ ᠭᠠᠷᠭᠠᠳᠠᠭ ᠲᠤ ᠯᠠ ᠬᠦᠷᠪᠡᠯ ᠬᠠᠷᠠᠮᠰᠠᠬᠤ ᠦᠬᠡᠢ ᠶᠠᠪᠤᠳᠠᠯ ᠬᠡᠵᠤ ᠪᠠᠷᠤᠭ ᠦᠬᠡᠢ ᠪᠠᠶᠢᠬ᠎ᠠ᠃ ᠬᠠᠷᠠᠮᠰᠠᠯ ᠬᠡᠳᠡᠭ ᠪᠤᠯ ᠳᠤᠬᠠᠢ ᠶᠢᠨ ᠦᠶ᠎ᠡ ᠶᠢᠨ ᠦᠢᠯᠡᠳᠦᠭᠰᠡᠨ ᠡᠪ ᠦᠭᠡᠢ ᠶᠠᠪᠤᠳᠠᠯ ᠪᠤᠶᠤ ᠮᠠᠭᠤᠬᠠᠢ ᠬᠡᠷᠡᠭ ᠨᠢ ᠦᠩᠬᠡᠷᠡᠭᠰᠡᠨ ᠬᠤᠶᠢᠨ᠎ᠠ ᠬᠦᠮᠦᠨ ᠤ ᠤᠢ ᠳᠤᠢ ᠳᠤ ᠳᠤᠨᠵᠤ ᠦᠯᠡᠳᠡᠭᠰᠡᠨ ᠰᠡᠳᠬᠢᠯ ᠤᠨ ᠲᠠᠷᠴᠢᠯᠡᠭᠠᠯ ᠬᠡᠯᠳᠠᠢ᠂ ᠬᠠᠶᠠ ᠳᠠᠭᠠᠨ ᠰᠠᠨᠠᠭᠠᠨ ᠳᠤᠨᠢ ᠤᠷᠤᠵᠤ ᠭᠠᠰᠠᠯᠭᠠᠵᠤ ᠵᠤᠪᠠᠭᠠᠨ᠎ᠠ᠃ ᠬᠠᠷᠢᠨ ᠰᠠᠶᠢᠨ ᠰᠠᠶᠢᠬᠠᠨ ᠤᠴᠢᠷ ᠤᠳ ᠨᠢ ᠳᠤᠷᠠᠰᠤᠮᠵᠢ ᠪᠤᠯᠵᠤ ᠮᠦᠩᠬᠡᠷᠡᠳᠡᠭ ᠤᠴᠢᠷᠳᠠᠢ᠃       ᠬᠦᠮᠦᠨ ᠦᠳᠡᠯᠪᠡᠯ ᠬᠡᠦᠬᠡᠳ ᠦᠶ᠎ᠡ ᠵᠠᠯᠠᠭᠤ ᠨᠠᠰᠤ ᠪᠠᠨ ᠢᠯᠡᠬᠦᠦ ᠰᠠᠨᠠᠭᠠᠯᠵᠠᠨ᠎ᠠ ᠬᠡᠬᠦ ᠨᠢ ᠦᠨᠡᠨ ᠠᠵᠢ᠃ ᠦᠳᠡᠯᠬᠦ ᠶᠢᠨ ᠦᠵᠦᠬᠦᠷ ᠠᠮᠠᠷᠠᠬᠤ ᠶᠢᠨ ᠠᠯᠳᠠᠰ᠂ ᠪᠤᠳᠤᠯ ᠮᠢᠨᠢ ᠠᠷᠪᠢᠳᠤᠭᠰᠠᠨ ᠮᠦᠷᠳᠡᠬᠡᠨ ᠦᠩᠬᠡᠷᠡᠭᠰᠡᠨ ᠤ ᠶᠠᠪᠤᠳᠠᠯ ᠤᠳ ᠢᠶᠠᠨ ᠡᠷᠬᠢᠴᠡᠬᠦᠯᠬᠦ ᠨᠢ ᠬᠡᠴᠡᠬᠦᠦ ᠪᠤᠯᠵᠠᠢ᠃ ᠬᠡᠪᠡᠴᠦ ᠴᠠᠭ ᠡᠳᠦᠷ ᠢᠨᠤ ᠡᠬᠡᠵᠤ ᠪᠤᠴᠠᠳᠠᠭ ᠦᠬᠡᠢ ᠬᠤᠶᠢᠨ᠎ᠠ᠂ ᠵᠠᠷᠢᠮ ᠬᠡᠷᠡᠭ ᠤᠴᠢᠷ ᠤᠨ ᠳᠤᠬᠠᠢ ᠶᠠᠭᠠᠬᠢᠵᠤ ᠬᠠᠷᠠᠮᠰᠠᠵᠤ ᠬᠡᠷᠬᠢᠨ ᠭᠡᠮᠰᠢᠭᠰᠡᠨ ᠴᠤ ᠨᠢᠬᠡᠨᠳᠠ ᠤᠷᠦ᠋ᠢᠳᠠᠵᠤ᠂ ᠨᠦᠬᠦᠪᠦᠷᠢᠯᠡᠬᠦᠶ᠎ᠡ ᠪᠡᠷᠬᠡ ᠪᠤᠯᠪᠠᠢ᠃       ᠠᠶᠢᠯ ᠤᠨ ᠬᠡᠦᠬᠡᠳ ᠲᠠᠢ ᠬᠡᠷᠡᠯᠳᠦᠬᠡᠳ ᠡᠵᠢ ᠪᠠᠷ ᠢᠶᠠᠨ ᠵᠤᠳᠤᠭᠤᠯᠵᠤ ᠪᠠᠶᠢᠭᠰᠠᠨ᠂ ᠪᠠᠷᠢᠭᠠᠳᠠ ᠶᠢᠨ ᠭᠤᠸᠠ ᠵᠢᠮᠢᠰ ᠤᠨ ᠬᠠᠰᠢᠶᠠᠨ ᠳᠤ ᠤᠷᠤᠵᠤ ᠲᠦᠢᠲᠦᠬᠡᠳ ᠠᠪᠤ ᠪᠠᠷ ᠢᠶᠠᠨ ᠬᠠᠷᠢᠶᠠᠯᠭᠠᠵᠤ ᠪᠠᠶᠢᠭᠰᠠᠨ᠂ ᠳᠦᠷᠰᠦᠬᠦᠢ ᠠᠭᠠᠰᠢᠯᠠᠭᠠᠳ ᠪᠠᠭᠰᠢ ᠪᠠᠷ ᠢᠶᠠᠨ ᠵᠠᠩᠨᠠᠭᠤᠯᠵᠤ ᠪᠠᠶᠢᠭᠰᠠᠨ ᠁ ᠬᠡᠦᠬᠡᠳ ᠦᠶ᠎ᠡ ᠶᠢᠨ ᠭᠡᠨᠡᠨ ᠵᠠᠩ ᠬᠡᠵᠤ ᠪᠠᠰᠠ ᠰᠠᠶᠢᠬᠠᠨ ᠶᠤᠮ ᠡ᠂ ᠦᠨᠦᠳᠦᠷ ᠨᠢ ᠬᠡᠷᠡᠯᠳᠤᠪᠡᠯ ᠮᠠᠷᠭᠠᠰᠢ ᠨᠢ ᠪᠠᠰᠠ ᠵᠤᠬᠢᠷᠠᠴᠢᠬᠠᠨ᠎ᠠ᠂ ᠳᠦᠷᠦᠬᠦᠦ ᠡᠳᠦᠷ ᠤᠨ ᠵᠠᠩᠨᠠᠭᠤᠯᠵᠤ ᠵᠤᠳᠤᠭᠤᠯᠤᠭᠰᠠᠨ ᠢᠶᠠᠨ ᠳᠠᠷᠠᠭ᠎ᠠ ᠡᠳᠦᠷ ᠨᠢ ᠮᠠᠷᠳᠠᠴᠢᠬᠠᠨ᠎ᠠ᠂ ᠳᠡᠬᠡᠵᠤ ᠯᠠ ᠴᠢᠬᠢ ᠴᠤᠭᠤᠷᠬᠠᠢ᠂ ᠤᠬᠠᠭᠠᠨ ᠳᠤᠨᠳᠠᠭᠤᠷ ᠶᠠᠪᠤᠭᠰᠠᠨ ᠢᠶᠠᠨ ᠪᠤᠳᠤᠬᠤ ᠪᠦᠷᠢ︽ᠶᠠᠭᠤ ᠬᠡᠵᠤ ᠳᠡᠬᠡᠵᠤ ᠳᠦᠬᠦᠬᠡ ᠦᠬᠡᠢ ᠶᠠᠪᠤᠵᠤ ᠪᠠᠶᠢᠯ᠎ᠠ ᠳᠠ⁈︾ ᠬᠡᠮᠡᠨ ᠬᠠᠷᠠᠮᠰᠠᠵᠤ ᠠᠪᠳᠠᠭ᠃ ᠠᠵᠢᠯ ᠳᠤ ᠤᠷᠤᠭᠰᠠᠨ ᠳᠡᠷᠡ ᠡᠳᠦᠷ ᠠᠴᠠ ᠪᠠᠨ ︽ᠬᠦᠮᠦᠨ ᠠᠴᠠ ᠳᠤᠤᠭᠤᠷ ᠪᠦᠦ ᠶᠠᠪᠤᠶ᠎ᠠ᠂ ᠦᠳᠡᠯᠦᠭᠰᠡᠨ ᠬᠤᠶᠢᠨ᠎ᠠ ᠬᠦᠮᠦᠨ ᠤ ᠡᠮᠦᠨ᠎ᠡ ᠦᠴᠢᠬᠦ ᠶᠠᠭᠤᠮ᠎ᠡ ᠲᠠᠢ ᠪᠠᠶᠢᠵᠤ᠂ ᠡᠨᠡ ᠨᠠᠰᠤᠨ ᠳᠠᠭᠠᠨ ᠪᠢᠳᠡᠬᠡᠢ ᠬᠠᠷᠠᠮᠰᠠᠯ ᠦᠯᠡᠳᠡᠭᠡᠶ᠎ᠡ ᠁︾ ᠬᠡᠵᠤ ᠴᠢᠳᠠᠯ ᠤᠨ ᠬᠢᠷᠢ ᠪᠠᠷ ᠢᠶᠠᠨ ᠴᠢᠷᠮᠠᠶᠢᠠ ᠠᠵᠢᠯᠯᠠᠵᠤ ᠢᠷᠡᠵᠠᠢ᠂ ᠬᠡᠶ᠎ᠡ ᠶᠡᠭᠡ ᠠᠯᠳᠠᠰᠢ ᠭᠠᠷᠭᠠᠭᠰᠠᠨ ᠦᠬᠡᠢ ᠪᠤᠯᠪᠠᠴᠤ︽ᠳᠡᠬᠡᠭᠰᠡᠨ ᠶᠤᠮ ᠪᠤᠯ ᠳᠠᠭᠠᠷᠠᠬᠤ ᠶᠤᠮ ᠡ︾ ᠬᠡᠬᠦ ᠰᠢᠤᠬᠠᠨ ᠰᠠᠨᠠᠭᠠᠨ ᠳᠤ ᠬᠦᠷᠦᠭᠰᠡᠨ ᠦᠬᠡᠢ ᠶᠠᠪᠤᠳᠠᠯ᠂ ᠰᠠᠨᠠᠭᠠᠨ ᠠᠴᠠ ᠭᠠᠳᠠᠭᠤᠷ ᠬᠡᠷᠡᠭ ᠪᠠᠰᠠ ᠪᠠᠭ᠎ᠠ ᠪᠤᠰᠤ ᠡᠬᠦᠰᠴᠡᠢ᠃ ᠨᠡᠩ ᠴᠤ ᠠᠷᠢᠬᠢ ᠶᠢ ᠡᠳ᠋ᠯᠡᠵᠤ ᠴᠢᠳᠠᠭᠰᠠᠨ ᠦᠬᠡᠢ ︽ᠪᠦᠳᠦᠷᠢᠭᠰᠡᠨ︾ ᠳᠡᠭᠡᠨ ᠡᠨᠡ ᠨᠠᠰᠤᠨ ᠳᠤ ᠮᠢᠨᠢ ᠮᠠᠷᠳᠠᠭᠳᠠᠰᠢ ᠦᠬᠡᠢ ᠬᠠᠷᠠᠮᠰᠠᠯ ᠦᠯᠡᠳᠡᠵᠤ᠂ ᠶᠠᠭᠠᠬᠢᠵᠤ ᠬᠡᠮᠰᠢᠭᠰᠡᠨ ᠴᠤ ᠭᠡᠷᠡᠭ ᠦᠬᠡᠢ ᠪᠤᠯᠵᠠᠢ᠃ ᠡᠬᠦᠨ ᠢ ᠢᠳᠡᠬᠡᠨ ᠤ ᠳᠡᠬᠡᠵᠢ ᠠᠷᠢᠬᠢᠨ ᠳᠤ ᠰᠢᠯᠳᠠᠬᠤ ᠪᠤᠰᠤ᠂ ᠬᠠᠷᠢᠨ ᠦᠪᠡᠷ ᠤᠨ ᠮᠠᠭᠤ ᠳᠠᠭᠠᠨ ᠶᠤᠮ᠃ ︽ᠠᠷᠢᠬᠢ ᠠᠨᠤ ᠬᠦᠮᠦᠨ ᠢ ᠦᠯᠦ ᠰᠤᠭᠳᠤᠭᠠᠵᠤ᠂ ᠬᠦᠮᠦᠨ ᠦᠪᠡᠷ ᠢᠶᠠᠨ ᠰᠤᠭᠳᠤᠮᠤᠢ︾ ᠬᠡᠳᠡᠭ ᠨᠢ ᠦᠨᠡᠨ ᠪᠢᠯᠠ᠃ ᠠᠵᠢᠯ ᠳᠤ ᠭᠠᠷᠤᠭᠰᠠᠨ ᠳᠡᠷᠡ ᠴᠠᠭ ᠠᠴᠠ ᠯᠠ ᠠᠷᠢᠬᠢ ᠶᠢ ᠲᠡᠨᠡᠭ ᠪᠠᠷᠳᠠᠮ ᠤᠤᠭᠤᠵᠤ ᠪᠠᠶᠢᠭᠰᠠᠨ ᠢᠶᠠᠷ ︽ᠺᠢᠯᠦᠭᠷᠠᠮ︾᠂ ︽ᠬᠤᠶᠠᠷ ᠯᠠᠩ︾ ᠬᠡᠬᠦ ᠮᠡᠳᠤ ᠶᠢᠨ ᠬᠤᠴᠢ ᠤᠯᠪᠠ᠃ ᠵᠠᠷᠢᠮ ᠬᠦᠮᠦᠨ ᠤ ᠬᠡᠯᠡᠬᠦ ᠪᠠᠷ᠂ ︽ᠠᠷᠢᠬᠢ ᠬᠡᠭᠰᠡᠬᠡᠷ ᠯᠠ ᠠᠢ ᠬᠡᠳ ᠦᠰᠦᠷᠦᠬᠡᠳ ᠭᠦᠶᠦᠳᠡᠭ ᠁︾ ᠭᠡᠨ᠎ᠡ᠃ ᠳᠡᠬᠡᠵᠤ ᠯᠠ ᠬᠡᠪᠡᠯᠢ ᠪᠠᠨ ᠮᠡᠳᠡᠬᠦ ᠦᠬᠡᠢ ︽ᠪᠢ ᠬᠡᠮᠡᠵᠤᠬᠦᠢ︾ ᠬᠡᠮᠡᠨ ᠬᠦᠬᠡᠷᠴᠦ᠂ 36 ᠵᠢᠯ ᠳᠤ ᠪᠠᠷᠤᠭ 2 . 5 ᠲᠤᠨ ᠤᠤᠭᠤᠭᠠᠳ︽ᠠᠪᠤ ᠶᠢᠨ ᠬᠦᠦ ᠠᠭᠠᠭ ᠤᠨ ᠬᠦᠦ ᠶᠢ ᠳᠠᠭᠠᠭᠠᠵᠤ ᠳᠡᠶᠢᠯᠦᠭᠰᠡᠨ ᠦᠬᠡᠢ︾ᠪᠡᠶᠡᠨ ᠳᠤ ᠮᠢᠨᠢ ᠠᠷᠬᠠᠭ ᠰᠠᠭᠤᠵᠤ᠂ ︽ᠪᠠᠭ᠎ᠠ ᠤᠤᠭᠤᠪᠠᠯ ᠪᠠᠯ᠂ ᠪᠠᠭ᠋ᠠᠨ ᠠᠬᠠᠳᠠᠪᠠᠯ ᠬᠤᠤᠷ︾ ᠬᠡᠳᠡᠭ ᠨᠢ ᠪᠤᠯᠤᠭᠠᠳ ᠠᠮᠠᠷᠠᠵᠠᠢ᠃ ᠡᠮᠴᠢ᠄ ︽ᠰᠤᠳᠠᠯ ᠳᠤ ᠳᠤᠯᠪᠤ ᠰᠠᠭᠤᠬᠤ ᠪᠤᠯ ᠤᠯᠠᠩᠬᠢ ᠨᠢ ᠠᠷᠢᠬᠢᠨ ᠠᠴᠠ ᠪᠤᠯᠳᠠᠭ ᠁︾ ᠬᠡᠯ᠎ᠡ᠃ ᠦᠨᠡᠨ ᠳᠡᠭᠡᠨ ᠠᠷᠢᠬᠢ ᠤᠤᠭᠤᠨ᠎ᠠ ᠬᠡᠭᠴᠢ ᠮᠡᠷᠬᠡᠵᠢᠯ ᠤᠨ ᠠᠵᠤ ᠪᠤᠯᠠᠢ᠂ ᠬᠦᠴᠦᠨ ᠤ ᠠᠵᠢᠯ ᠤᠭᠳᠤ ᠪᠢᠰᠢ ᠶᠤᠮ ᠰᠠᠨ᠃ ᠳᠡᠷᠡ ᠪᠤᠯ ᠨᠢᠬᠡ ᠵᠦᠢᠯ ᠤᠨ ᠰᠤᠶᠤᠯ᠂ ᠨᠢᠬᠡ ᠵᠦᠢᠯ ᠤᠨ ᠪᠤᠯᠪᠠᠰᠤᠷᠠᠯ᠂ ᠰᠠᠶᠢᠨ ᠤᠤᠭᠤᠨ᠎ᠠ ᠰᠠᠶᠢᠬᠠᠨ ᠤᠤᠭᠤᠨ᠎ᠠ᠂ ᠪᠠᠶᠠᠷ ᠲᠠᠢ ᠤᠤᠭᠤᠨ᠎ᠠ ᠪᠠᠶᠠᠷᠯᠠᠭᠤᠯᠵᠤ ᠤᠤᠭᠤᠨ᠎ᠠ ᠃ ᠬᠡᠬᠦ ᠳᠡᠭᠡᠨ ᠶᠠᠮᠠᠷ ᠰᠢᠷᠡᠬᠡᠨ ᠳᠡᠬᠡᠷ᠎ᠡ ᠶᠠᠮᠠᠷ ᠦᠬᠡ ᠬᠡᠯᠡᠵᠤ ᠪᠠᠶᠠᠷ ᠬᠦᠷ ᠨᠡᠮᠡᠬᠦ᠂ ᠶᠠᠮᠠᠷ ᠬᠦᠮᠦᠨ ᠲᠠᠢ ᠶᠠᠭᠤ ᠶᠠᠷᠢᠯᠴᠠᠵᠤ ᠰᠡᠳᠬᠢᠯ ᠰᠠᠨᠠᠭ᠎ᠠ ᠪᠠᠨ ᠤᠯᠤᠯᠴᠠᠬᠤ᠂ ᠬᠡᠳᠦᠢ ᠤᠤᠭᠤᠵᠤ ᠬᠡᠮ ᠳᠡᠭᠡᠨ ᠬᠦᠷᠴᠦ ᠵᠤᠭᠰᠤᠬᠤ ᠁ ᠠᠷᠪᠢᠨ ᠴᠤ ᠤᠬᠠᠭᠠᠨ ᠤᠷᠤᠨ᠎ᠠ᠃ ᠬᠠᠷᠢᠨ ᠠᠷᠢᠬᠢ ᠳᠠᠭᠠᠷᠠᠭᠰᠠᠭᠠᠷ ᠯᠠ ᠪᠠᠯᠠᠷᠠᠳᠠᠯ᠎ᠠ ᠤᠤᠭᠤᠵᠤ᠂ ᠴᠦᠯᠳᠦ ᠮᠦᠯᠳᠦ ᠦᠬᠡ ᠬᠡᠯᠡᠵᠤ᠂ ᠵᠦᠭ ᠰᠦᠭ ᠦᠬᠡᠢ ᠠᠭᠠᠰᠢᠯᠠᠭᠠᠳ ᠬᠦᠮᠦᠨ ᠤ ᠡᠭᠳᠡᠬᠦᠦ ᠶᠢ ᠬᠦᠷᠬᠡᠪᠡᠯ ᠠᠷᠢᠬᠢᠨ ᠤ ᠬᠠᠯᠠᠭᠤᠨ ᠢᠶᠠᠷ ᠬᠡᠷᠡᠬᠦᠯ ᠪᠤᠯᠵᠤ ᠦᠨᠳᠦᠷᠯᠡᠬᠦ ᠨᠢ ᠤᠯᠠᠨ᠃        ᠬᠦᠮᠦᠨ ᠤ ᠠᠮᠢᠳᠤᠷᠠᠯ ᠠᠨᠤ ᠢᠨᠢᠶᠡᠳᠦ ᠲᠠᠢ ᠬᠠᠨᠢᠶᠠᠳᠤ ᠲᠠᠢ᠂ ᠦᠬᠡᠳᠡ ᠲᠠᠢ ᠤᠷᠤᠭᠤ ᠲᠠᠢ ᠪᠠᠶᠢᠳᠠᠭ ᠨᠢ ᠳᠤᠭᠤᠰᠤᠳᠤ ᠵᠢᠷᠳᠢᠨᠴᠦ ᠶᠢᠨ ᠵᠢᠮ᠎ᠠ᠃ ᠠᠮᠢᠳᠤᠷᠠᠯ ᠤᠨ ᠵᠠᠮ ᠳᠤ ᠳᠤᠬᠢᠶᠠᠯᠳᠤᠵᠤ ᠮᠡᠳᠡᠬᠦ ᠡᠯᠳᠡᠪ ᠡᠰᠡᠨ ᠤᠴᠢᠷ ᠶᠠᠪᠤᠳᠠᠯ ᠢ ᠳᠤᠭᠤᠷᠢᠵᠤ ᠶᠠᠪᠤᠨ᠎ᠠ ᠤᠤ ᠳᠤᠭᠤᠯᠵᠤ ᠭᠠᠷᠤᠨ᠎ᠠ ᠤᠤ⁈ ᠬᠤᠪᠢ ᠬᠦᠮᠦᠨ ᠤ ᠰᠡᠳᠬᠢᠯ ᠤᠨ ᠳᠡᠩᠬᠡᠬᠡ ᠪᠠᠷ ᠯᠠ ᠪᠤᠯᠳᠠᠭ᠃ ᠬᠦᠮᠦᠨ ᠤ ᠨᠢᠬᠡ ᠨᠠᠰᠤ ᠳᠡᠦᠬᠡ ᠶᠢᠨ ᠤᠷᠳᠤ ᠠᠶᠠᠨ ᠳᠤ ᠬᠤᠷᠤᠮ ᠵᠠᠭᠤᠷ᠎ᠠ ᠬᠡᠳᠡᠭ ᠪᠤᠯᠪᠠᠴᠤ᠂ ᠬᠡᠳᠦᠨ ᠠᠷᠪᠠᠨ ᠵᠢᠯ ᠢ ᠴᠠᠭ ᠮᠦᠴᠡ ᠪᠠᠷ ᠬᠤᠭᠤᠴᠠᠵᠤ ᠦᠩᠬᠡᠷᠡᠬᠡᠨ᠎ᠡ ᠬᠡᠭᠴᠢ ᠪᠠᠰᠠ ᠳᠡᠶᠢᠮᠤ ᠴᠤ ᠬᠢᠯᠪᠠᠷ ᠪᠢᠰᠢ᠃ ᠵᠠᠯᠠᠭᠤ ᠢᠳᠡᠷ ᠨᠠᠰᠤ ᠪᠤᠯᠪᠠᠰᠤ ᠰᠤᠷᠤᠯᠭ᠎ᠠ᠂ ᠦᠢᠯᠡᠰ᠂ ᠠᠮᠢᠳᠤᠷᠠᠯ ᠬᠦᠰᠡᠯ ᠤᠨ ᠦᠨᠳᠦᠷ ᠲᠤ ᠬᠦᠷᠬᠦ ᠰᠢᠵᠢᠷ ᠠᠯᠳᠠᠨ ᠴᠠᠭ ᠦᠶ᠎ᠠ ᠮᠦᠨ᠃ ᠡᠨᠡ ᠰᠠᠶᠢᠬᠠᠨ ᠨᠠᠰᠤᠨ ᠳᠠᠭᠠᠨ ᠬᠡᠷᠪᠡ ᠵᠤᠷᠢᠭ ᠡᠷᠴᠢᠯᠡᠵᠤ ᠰᠢᠨᠳᠠᠰᠤ ᠴᠢᠩᠭᠠᠯᠠᠨ᠂ ᠨᠢᠬᠡᠨ ᠦᠵᠦᠬᠦᠷᠳᠦ ᠰᠡᠳᠬᠢᠯ ᠢ ᠪᠠᠷᠢᠵᠤ᠂ ᠰᠠᠶᠢᠨ ᠤ ᠵᠦᠭ ᠲᠤ ᠳᠡᠮᠡᠦᠯᠳᠡᠭ ᠯᠠ ᠶᠤᠮ ᠪᠤᠯ ᠠᠵᠠ ᠶᠢᠨ ᠳᠡᠭᠷᠢ ᠢᠪᠡᠬᠡᠠ᠂ ᠡᠨᠡ ᠶᠠᠪᠤᠭ᠎ᠠ ᠨᠠᠰᠤᠨ ᠳᠠᠭᠠᠨ ᠬᠠᠷᠠᠮᠰᠠᠯ ᠦᠬᠡᠢ ᠪᠤᠶᠤ ᠳᠤᠳᠠᠭᠤ ᠬᠠᠷᠠᠮᠰᠠᠯ ᠦᠯᠡᠳᠡᠬᠡᠵᠤ᠂ ᠰᠠᠨᠠᠭ᠎ᠠ ᠳᠦᠬᠦᠷᠡᠩ ᠰᠡᠳᠬᠢᠯ ᠴᠠᠳᠬᠤᠯᠠᠩ ᠵᠢᠷᠭᠠᠬᠤ ᠴᠠᠭ ᠯᠠᠪ ᠪᠤᠢ᠃
ᠢᠷᠡᠯᠲᠡ᠄ ᠣᠷᠳᠣᠰ ᠮᠣᠩᠭᠤᠯ ᠰᠦᠯᠵᠢᠶ᠎ᠡ