ᠴᠢ ᠮᠢᠨᠢ ᠢᠷᠡᠯ᠎ᠡ
ᠨᠡᠶᠢᠲᠡᠯᠡᠭᠰᠡᠨ ᠴᠠᠭ᠄
2023/9/18
                          ︵ᠬᠦᠳᠦᠯᠣᠬᠡ ᠨᠢᠬᠡ︶                          ● ᠳᠤᠭᠴᠢ ᠯᠤᠪᠰᠠᠩ      ᠰᠦᠨᠢ ᠰᠦᠨᠢ ᠵᠡᠬᠦᠳᠤᠨ ᠳᠤ ᠢᠷᠡᠭᠡᠳ ᠪᠠᠶᠢᠬᠤᠯᠠᠷ      ᠴᠢ ᠮᠢᠨᠢ ᠢᠷᠡᠬᠦ ᠶᠤᠮ ᠬᠡᠵᠤ ᠶᠡᠬᠡᠳᠡ ᠪᠠᠶᠠᠷᠯᠠᠪᠠ      ᠰᠠᠨᠠᠨ ᠰᠠᠨᠠᠨ ᠰᠡᠳᠭᠢᠯ ᠳᠤ ᠡᠷᠢᠭᠳᠡᠬᠡᠳ ᠪᠠᠶᠢᠬᠤᠯᠠᠷ      ᠴᠢ ᠮᠢᠨᠢ ᠢᠷᠡᠬᠦ ᠶᠤᠮ ᠬᠡᠵᠤ ᠪᠠᠳᠤ ᠢᠳᠡᠬᠡᠪᠡ      ᠳᠠᠳᠠᠪᠠᠰ ᠳᠠᠳᠠᠪᠠᠰ ᠬᠦᠳᠡᠯᠬᠦ ᠨᠢᠳᠦᠨ ᠵᠤᠪᠬᠢ      ᠴᠢ ᠮᠢᠨᠢ ᠢᠷᠡᠬᠦ ᠶᠤᠮ ᠬᠡᠰᠡᠨ ᠰᠤᠪᠢᠩ ᠦᠭᠪᠡ      ᠱᠠᠭ ᠱᠠᠭ ᠱᠠᠭᠰᠢᠬᠤ ᠱᠠᠭᠠᠵᠠᠭᠠᠢ ᠶᠢᠨ ᠱᠠᠭᠰᠢᠯᠳᠠ      ᠴᠢ ᠮᠢᠨᠢ ᠢᠷᠡᠬᠦ ᠶᠤᠮ ᠬᠡᠰᠡᠨ ᠮᠡᠳᠡᠭᠡ ᠪᠠᠶᠢᠪᠠ      ᠳᠤᠭ ᠳᠤᠭ ᠳᠤᠭᠤᠯᠳᠠᠬᠤ ᠬᠦᠯ ᠤᠨ ᠳᠠᠭᠤ ᠪᠠᠷ      ᠴᠢ ᠮᠢᠨᠢ ᠢᠷᠡᠯ᠎ᠡ ᠬᠡᠵᠤ ᠴᠤᠩᠬᠤ ᠪᠠᠷ ᠬᠠᠷᠠᠪᠠ      ᠳᠤᠭ ᠳᠤᠭ ᠳᠤᠭᠰᠢᠬᠤ ᠬᠤᠷᠤᠭᠤᠨ ᠤ ᠳᠠᠭᠤᠨ ᠢᠶᠠᠷ      ᠴᠢ ᠮᠢᠨᠢ ᠢᠷᠡᠯ᠎ᠡ ᠬᠡᠵᠤ ᠡᠬᠦᠳᠡ ᠪᠠᠨ ᠨᠡᠬᠡᠬᠡᠪᠡ      ᠡᠬᠦᠳᠡ ᠳᠤᠭᠰᠢᠭᠰᠡᠨ ᠡᠨᠡ ᠴᠢᠮᠡᠭᠡ      ᠤᠷᠢᠳᠤ ᠰᠦᠨᠢ ᠶᠢᠨ ᠵᠡᠬᠦᠳᠤ ᠪᠠᠶᠢᠪᠠ      ᠡᠪᠤᠷ ᠳᠤᠯᠠᠭᠠᠯᠠᠭᠰᠠᠨ ᠡᠨᠡ ᠬᠠᠶᠢᠷ᠎ᠠ      ᠦᠳᠡᠰᠢ ᠭᠠᠷᠤᠭᠰᠠᠨ ᠨᠠᠷᠡ ᠪᠠᠶᠢᠪᠠ᠃      ᠮᠦᠷᠦᠬᠡᠳᠤᠯ      ᠬᠤᠷᠠᠭᠠᠨ ᠨᠢᠳᠦ ᠲᠠᠢ ᠠᠬ᠎ᠠ ᠮᠢᠨᠢ      ᠬᠤᠨᠤᠭ ᠤᠨ ᠵᠡᠬᠦᠳᠤᠨ ᠳᠤ ᠤᠷᠤᠭᠠᠳ ᠪᠠᠶᠢᠨ᠎ᠠ      ᠬᠤᠩᠭᠤᠷ ᠳᠡᠬᠦᠤ ᠴᠢᠨᠢ ᠴᠢᠮ᠎ᠠ ᠪᠠᠨ      ᠬᠤᠷᠤᠭᠤ ᠳᠤᠭᠠᠯᠠᠨ ᠬᠠᠷᠠᠵᠤ ᠪᠠᠶᠢᠨ᠎ᠠ      ᠦᠨᠳᠦᠷ ᠬᠠᠮᠠᠷ ᠲᠠᠢ ᠠᠬ᠎ᠠ ᠮᠢᠨᠢ      ᠦᠷᠬᠦᠯᠵᠢ ᠨᠠᠮ᠎ᠠ ᠳᠤ ᠡᠷᠢᠭᠳᠡᠬᠡᠳ ᠪᠠᠶᠢᠨ᠎ᠠ      ᠦᠶᠡᠷᠬᠡᠭ ᠳᠡᠬᠦᠤ ᠴᠢᠨᠢ ᠴᠢᠮ᠎ᠠ ᠲᠠᠢ ᠪᠠᠨ      ᠦᠳᠳᠠᠷ ᠵᠤᠯᠭᠠᠬᠤ ᠶᠢ ᠬᠦᠯᠢᠶᠡᠵᠤ ᠪᠠᠶᠢᠨ᠎ᠠ      ᠰᠡᠳᠭᠢᠯ ᠢ ᠳᠠᠳᠠᠭᠰᠠᠨ ᠠᠬ᠎ᠠ ᠶᠢ ᠪᠠᠨ      ᠰᠠᠷᠠᠪᠴᠢᠯᠠᠨ ᠰᠠᠷᠠᠪᠴᠢᠯᠠᠨ ᠪᠠᠷᠠᠯᠠᠵᠤ ᠪᠠᠶᠢᠨ᠎ᠠ      ᠰᠠᠨᠠᠭ᠎ᠠ ᠳᠠᠭᠠᠷᠠᠭᠰᠠᠨ ᠴᠢᠮ᠎ᠠ ᠲᠠᠢ ᠪᠠᠨ      ᠰᠠᠶ᠋ᠢᠬᠠᠨ ᠤᠴᠠᠷᠠᠬᠤ ᠶᠢ ᠰᠠᠨᠠᠵᠤ ᠪᠠᠶᠢᠨ᠎ᠠ      ᠬᠠᠶᠢᠷ᠎ᠠ ᠶᠢ ᠪᠤᠯᠢᠶᠠᠭᠰᠠᠨ ᠠᠬ᠎ᠠ ᠶᠢ ᠪᠠᠨ      ᠬᠠᠷᠠᠨ ᠬᠠᠷᠠᠨ ᠳᠤᠷᠠᠰᠴᠤ ᠪᠠᠶᠢᠨ᠎ᠠ      ᠬᠠᠨᠢ ᠪᠤᠯᠤᠮᠠᠷ ᠴᠢᠮ᠎ᠠ ᠲᠠᠢ ᠪᠠᠨ      ᠬᠠᠶᠢᠷᠠᠯᠠᠯᠴᠠᠵᠤ ᠶᠠᠪᠤᠬᠤ ᠶᠢ ᠬᠦᠰᠡᠵᠤ ᠪᠠᠶᠢᠨ᠎ᠠ᠃
ᠢᠷᠡᠯᠲᠡ᠄ ᠤᠷᠳᠤᠰ ᠤᠨ ᠡᠳᠤᠷ ᠤᠨ ᠰᠤᠨᠢᠨ