ᠠᠷᠤ ᠰᠢᠯᠢ ᠶᠢᠨ ᠲᠤᠮᠤᠭ — ᠭᠥᠳᠡᠭᠡ
ᠨᠡᠶᠢᠲᠡᠯᠡᠭᠰᠡᠨ ᠴᠠᠭ᠄
2023/9/12
      ︽ᠬᠦᠳᠡᠭᠡ ᠰᠢᠯᠢ︾ ᠦᠷᠬᠦᠯᠵᠢᠯᠡᠭᠰᠡᠨ ᠲᠧᠯᠸᠢᠰ ᠵᠦᠴᠦᠬᠡ ᠶᠢ ᠠᠩᠬ᠎ᠠ ᠤᠳᠠᠭ᠎ᠠ ᠦᠵᠡᠭᠰᠡᠨ ᠴᠠᠭ ᠮᠢᠨᠢ ᠨᠢᠭᠡᠨᠳᠡ ᠲᠦᠷᠪᠡᠨ ᠵᠢᠯ ᠤᠨ ᠨᠢᠭᠤᠷ ᠢ ᠦᠵᠡᠵᠦ ᠪᠠᠶᠢᠭ᠎ᠠ ᠪᠤᠯᠪᠠᠴᠤ ︽ᠠᠷᠤ ᠰᠢᠯᠢ ᠶᠢᠨ ᠲᠤᠮᠤᠭ︾ ᠲᠠᠭᠤᠤ ᠶᠢ ᠰᠤᠨᠤᠰᠤᠮᠠᠭᠴᠠ ᠭᠦᠳᠡᠭᠡ ᠰᠢᠯᠢ ᠶᠢᠨ ᠠᠮᠢᠳᠤᠷᠠᠯ ᠦᠷᠦᠴᠡ ᠴᠡᠭᠡᠵᠢᠨ ᠳᠤ ᠮᠢᠨᠢ ᠪᠠᠭᠤᠵᠤ᠂ ᠬᠠᠪᠤᠭᠠᠰᠤ ᠲᠠᠢ ᠪᠤᠷᠤ ᠲᠡᠷᠯᠢᠭ ᠤᠨ ᠡ᠊ᠩᠬᠡᠷ ᠲᠤᠬᠤᠢ ᠨᠢ ᠰᠡᠮᠡᠷᠡᠭᠰᠡᠨ᠂ ᠬᠠᠩᠭᠠᠢ ᠶᠢᠨ ᠰᠢᠷᠭᠠᠯ ᠨᠠᠮᠤᠷ ᠤᠨ ᠲᠤᠷᠳᠤᠩ ᠪᠦᠰᠡ ᠰᠠᠭᠠᠷᠠᠨ᠂ ᠭᠠᠭᠴᠠ ᠰᠠᠯᠠᠭᠠᠨ ᠤ ᠦᠷᠢᠯ ᠮᠦᠢᠯ ᠨᠢᠯᠪᠦᠰᠦᠷᠠᠭᠰᠠᠨ᠂ ᠠᠭᠯᠠᠭᠬᠠᠨ ᠭᠤᠪᠢ ᠳᠠᠭᠠᠨ ᠬᠠᠶᠢᠷᠠᠳᠡᠢ ᠶᠠᠪᠤᠭ᠎ᠠ ᠠᠷᠤ ᠰᠢᠯᠢ ᠶᠢᠨ ᠲᠤᠮᠤᠭ ᠤᠳ ᠨᠢᠳᠦᠨ ᠳᠤ ᠲᠤᠳᠤᠷᠠᠨ᠂ ᠡᠮᠵᠡᠭ ᠰᠡᠷᠡᠯ ᠡ᠊ᠩᠭᠡᠷ ᠬᠠᠨᠴᠦᠢ ᠶᠢ ᠮᠢᠨᠢ ᠲᠡᠪᠳᠦᠭᠡᠭᠡᠳ ᠪᠠᠶᠢᠬᠤ ᠨᠢ᠃ ᠤᠷᠠᠯᠢᠭ ᠭᠡᠵᠤ ᠳ᠋ᠠ᠂ ᠡᠶᠢᠮᠦ ᠯᠠ ᠭᠠᠶᠢᠬᠠᠯᠳᠡᠢ︕ ᠭᠦᠮᠦᠨ ᠲᠦᠷᠦᠯᠭᠢᠳᠡᠨ ᠶᠢᠷᠳᠢᠨᠴᠤ ᠶᠢᠨ ᠡᠯᠢᠬᠡᠨ ᠲᠡᠭᠡᠷ᠎ᠡ ᠠᠮᠢᠳᠦᠷᠠᠯ ᠢ ᠡᠳ᠋ᠯᠡᠵᠤ ᠤᠷᠠᠯᠠᠵᠤ ᠶᠠᠪᠤᠬᠤ ᠨᠢ ᠦᠨᠡᠡ ᠳᠡᠭᠡᠨ ᠨᠢᠬᠡᠨ ᠭᠠᠶᠢᠬᠠᠮᠰᠢᠭ ᠶᠤᠮ᠃ ᠤᠷᠠᠯᠠᠵᠤ ᠪᠤᠰᠬᠠᠭᠰᠠᠨ ᠠᠮᠢᠳᠦᠷᠠᠯ ᠢᠶᠠᠨ ᠲᠠᠬᠢᠨ ᠤᠷᠠᠯᠢᠭ ᠤᠨ ᠭᠦᠴᠦᠨ ᠢᠶᠠᠷ ᠠᠮᠢᠯᠠᠭᠤᠯᠵᠤ ᠪᠤᠰᠬᠠᠨ᠎ᠠ ᠭᠡᠳᠡᠭ ᠪᠣᠯ ᠠᠪᠢᠶᠠᠰ ᠪᠢᠯᠢᠭᠳᠡᠳ ᠤᠨ ᠰᠢᠨᠳᠠᠰᠤ ᠪᠠᠶᠢᠭ᠎ᠠ᠃ ︽ᠭᠦᠳᠡᠭᠡ ᠰᠢᠯᠢ︾ ᠳᠤ ᠢᠯᠡᠷᠡᠵᠦ ᠪᠣᠢ ᠲᠦᠷᠢ᠂ ᠮᠠᠯᠵᠢᠬᠤ ᠰᠤᠶᠤᠯ ᠤᠨ ᠤᠨᠴᠠᠯᠢᠭ᠂ ᠰᠤᠨᠤᠰᠤᠭᠠᠳ ᠬᠠᠨᠤᠰᠢ ᠦᠬᠡᠢ ᠲᠠᠭᠤᠤ ᠶᠢᠨ ᠠᠶ᠎ᠠ᠂ ᠰᠡᠳᠭᠢᠯ ᠳᠤ ᠲᠠᠭᠠᠯᠠᠭᠳᠠᠭᠰᠠᠨ ᠳᠠᠭᠤᠤ ᠶᠢᠨ ᠦᠭᠡ ᠁ ᠡᠨᠡ ᠪᠦᠬᠦᠢ ᠤᠷᠠᠯᠢᠭ ᠤᠨ ᠬᠦᠴᠦᠨ ᠳᠤ ᠳᠠᠳᠠᠭᠳᠠᠵᠤ᠂ ᠡᠳᠡᠭᠡᠷ ᠤᠯᠠᠨ ᠰᠠᠶᠢᠬᠠᠨ ᠤᠷᠠᠯᠢᠭᠴᠢᠨ ᠤᠶᠢᠯᠡᠰᠴᠢᠨ ᠢ ᠦᠪᠡᠷ ᠤᠨ ᠡᠷᠭᠡ ᠦᠭᠡᠢ ᠪᠢᠰᠢᠷᠠᠵᠤ ᠭᠦᠨᠳᠦᠳᠭᠡᠵᠤ ᠰᠠᠭᠤᠨ᠎ᠠ᠃      ᠶᠠᠮᠠᠷ ᠰᠠᠶᠢᠬᠠᠨ ᠪᠣᠢ ᠬᠡᠭᠦ ᠦᠭᠡ ᠪᠠᠷ ︽ᠬᠦᠳᠡᠭᠡ ᠰᠢᠯᠢ︾ ᠶᠢᠨ ᠠᠮᠢᠳᠦᠷᠠᠯ ᠠᠬᠤᠢ ᠶᠢ ᠢᠯᠡᠳᠭᠡᠪᠡᠯ ᠲᠠᠩᠴᠤ ᠬᠤᠮᠰᠠ᠂ ᠲᠠᠩᠴᠤ ᠲᠦᠭᠦᠮᠭᠡᠨ ᠰᠠᠨᠠᠭᠳᠠᠬᠤ ᠶᠤᠮ᠃ ᠠᠮᠢᠳᠤᠷᠠᠯ ᠤᠨ ᠨᠢᠷᠤᠭᠤ ᠪᠤᠯᠵᠤ ᠶᠠᠪᠤᠭᠰᠠᠨ ᠠᠪᠤ ᠶᠢ ᠮᠢᠨᠢ ᠰᠠᠨᠠᠭᠳᠠᠭᠤᠯᠤᠭᠰᠠᠨ ᠠᠷᠤ ᠰᠢᠯᠢ ᠶᠢᠨ ᠲᠤᠮᠤᠭ ᠤᠳ᠂ ᠠᠳᠤᠭᠤᠴᠢᠨ ᠠᠮᠢᠳᠦᠷᠠᠯ ᠳᠠᠭᠠᠨ ᠲᠠᠰᠴᠤ ᠠᠷᠤ ᠬᠠᠩᠭᠠᠢ ᠰᠢᠯᠢ ᠪᠠᠨ ᠠᠮᠢ ᠭᠤᠣᠯ ᠢᠶᠠᠨ ᠰᠢᠬ ᠬᠠᠶᠢᠷᠠᠯᠠᠳᠠᠭ ᠮᠠᠯᠴᠢᠨ ᠵᠠᠶᠠᠭ᠎ᠠ᠂ ᠡᠮᠵᠡᠭ ᠰᠡᠳᠭᠢᠯ ᠢ ᠤᠶᠠᠷᠠᠭᠤᠯᠤᠭᠰᠠᠨ ᠡᠵᠢ ᠶᠢᠨ ᠮᠢᠨᠢ ᠬᠦᠳᠡᠭᠡ᠂ ᠡᠯᠡᠭᠳᠡᠵᠦ ᠤᠷᠭᠢᠭᠳᠠᠵᠤ ᠪᠠᠶᠢᠭ᠎ᠠ ᠮᠠᠯᠵᠢᠬᠤ ᠰᠤᠶᠤᠯ ᠤᠨ ᠣᠬᠢ ᠰᠢᠯᠢᠳᠡᠭ ᠢ ᠲᠡᠭᠦᠨ ᠰᠣᠨᠢᠷᠬᠠᠭᠤᠯᠤᠭᠰᠠᠨ ᠲᠠᠷᠡ ᠪᠦᠬᠦᠢ ᠵᠦᠢᠯᠡᠰ ᠢ ᠶᠠᠮᠠᠷ ᠭᠤᠶᠤ ᠪᠣᠢ ᠬᠡᠵᠦ ᠱᠠᠭᠰᠢᠵᠤ ᠪᠢᠰᠢᠷᠠᠭᠦ ᠠᠴᠠ ᠦᠬᠡᠷ᠎ᠡ ᠶᠠᠪ ᠴᠠᠪ ᠲᠤᠭᠢᠷᠠᠭᠤᠯᠤᠨ ᠵᠦᠢᠷᠯᠡᠴᠢᠬᠡᠮᠠᠷ ᠦᠭᠡ ᠤᠯᠳᠤᠢ ᠨᠠᠳᠠ ᠬᠠᠷᠠᠬᠠᠨ ᠤᠯᠳᠠᠭᠰᠠᠨ ᠦᠬᠡᠢ᠃ ᠠᠮᠢᠳᠦᠷᠠᠯ ᠢ ᠤᠷᠠᠯᠢᠭ ᠢᠶᠠᠷ ᠬᠠᠷᠠᠭᠤᠯᠤᠨ᠎ᠠ ᠭᠡᠵᠦ ᠵᠢᠩᠬᠢᠨᠢ ᠤᠷᠠᠨ ᠪᠦᠳᠦᠬᠡᠯᠴᠢᠳ ᠯᠠ ᠬᠢᠵᠦ ᠴᠢᠳᠠᠬᠤ ᠠᠵᠢᠯ ᠪᠠᠶᠢᠬᠤ ᠡ᠃ ᠤᠳᠤᠨ ᠤ ᠬᠡᠬᠡ ᠰᠦᠮᠡᠶᠢᠭᠰᠡᠨ ᠡᠮᠡᠭᠡᠯ ᠤᠨ ᠪᠦᠬᠦᠷᠭᠡ ᠲᠠᠢ ᠠᠮᠢᠳᠦᠷᠠᠯ ᠢ ᠨᠢᠳᠦᠨ ᠤ ᠲᠤᠤᠷ᠎ᠠ ᠲᠡᠯᠬᠡᠨ᠂ ᠲᠠᠮᠤᠷ ᠲᠠᠪᠠᠭ ᠨᠢ ᠡᠯᠡᠭᠳᠡᠭᠰᠡᠨ ᠭᠠᠩ ᠲᠦᠷᠦᠬᠡ ᠶᠢ ᠬᠠᠷᠠᠭᠳᠠᠭᠤᠯᠤᠨ᠂ ᠲᠠᠩᠨᠡᠢ ᠰᠠᠶᠢᠳᠡᠢ ᠤᠷᠭ᠎ᠠ ᠶᠢ ᠭᠠᠷ ᠲᠤ ᠪᠠᠷᠢᠭᠤᠯᠤᠨ᠂ ᠲᠠᠪᠤᠨ ᠡᠷᠳᠡᠨᠢ ᠶᠢᠨ ᠰᠦᠷᠦᠭ ᠲᠠᠢ ᠮᠤᠩᠭᠤᠯ ᠠᠮᠢᠳᠤᠷᠠᠯ ᠢ ᠱᠤᠭᠤᠵᠤ ᠪᠤᠰᠬᠠᠭᠰᠠᠨ ᠤᠷᠠᠯᠢᠭ ᠤᠨ ᠰᠠᠶᠢᠨ ᠰᠠᠶᠢᠬᠠᠨ ᠳᠤ ᠰᠦᠬᠦᠷᠡᠨ ᠮᠦᠷᠬᠦᠵᠦ᠂ ᠠᠮᠢᠳᠦᠷᠠᠯ ᠤᠨ ᠨᠠᠶᠢᠳᠡᠯᠢᠭ ᠲᠦᠷᠢ ᠶᠢ ᠨᠢᠭᠡ ᠵᠦᠴᠦᠬᠡᠨ ᠳᠤ ᠠᠭᠤᠰᠬᠠᠨ᠂ ᠨᠢᠭᠡ ᠲᠠᠭᠤᠤ ᠳᠤ ᠢᠯᠡᠷᠡᠭᠦᠯᠵᠦ᠂ ᠡᠨᠡ ᠰᠠᠶᠢᠬᠠᠨ ᠪᠦᠳᠦᠬᠡᠯ ᠢ ᠭᠠᠷᠭᠠᠵᠤ ᠰᠤᠨᠢᠷᠬᠠᠭᠤᠯᠤᠭᠰᠠᠨ ᠤᠷᠠᠨ ᠪᠦᠳᠦᠭᠡᠯᠴᠢᠳ ᠢᠶᠠᠨ ᠪᠢᠰᠢᠷᠠᠨ ᠭᠦᠨᠳᠦᠯᠡᠨ᠎ᠠ᠃      ᠵᠦᠴᠦᠬᠡ ᠨᠢ ᠲᠠᠯ᠎ᠠ ᠨᠤᠳᠤᠭ ᠲᠠᠬᠢ ᠲᠦᠷᠪᠡᠨ ᠰᠠᠭᠠᠬᠠᠯᠳᠠ ᠠᠶᠢᠯ ᠤᠨ ᠠᠮᠢᠳᠤᠷᠠᠯ ᠤᠨ ᠲᠤᠭᠤᠷᠢᠨ ᠳᠤ ᠦᠷᠨᠢᠭᠰᠡᠨ ᠴᠤ ᠨᠡᠭᠦᠳᠡᠯ ᠮᠠᠯᠵᠢᠯ ᠰᠤᠶᠤᠯ ᠪᠤᠯᠤᠨ ᠤᠳᠤᠭᠢ ᠮᠠᠯᠵᠢᠬᠤ ᠠᠮᠢᠳᠤᠷᠠᠯ ᠤᠨ ᠠᠬᠤᠢ ᠪᠠᠶᠢᠳᠠᠯ ᠢ ᠲᠤᠪᠴᠢᠯᠠᠨ ᠵᠢᠷᠤᠭᠯᠠᠵᠤ᠂ ᠮᠠᠯᠵᠢᠬᠤ ᠰᠤᠶᠤᠯ ᠤᠨ ᠣᠬᠢ ᠰᠢᠯᠢᠳᠡᠭ ᠤᠬᠠᠭᠠᠨ᠂ ᠠᠶᠢᠯ ᠰᠠᠭᠠᠬᠠᠯᠳᠠ ᠶᠢᠨ ᠡᠪ ᠨᠠᠶᠢᠷ᠂ ᠬᠠᠪᠰᠤᠷᠤᠯᠭ᠎ᠠ ᠲᠠᠮᠵᠢᠯᠭᠡ ᠲᠠᠢ ᠤᠯᠠᠮᠵᠢᠯᠠᠯᠳᠤ ᠮᠤᠩᠭᠤᠯ ᠠᠮᠢᠳᠤᠷᠠᠯ ᠰᠤᠷᠳᠠᠯ᠂ ᠮᠤᠩᠭᠤᠯ ᠭᠦᠮᠦᠰ ᠤᠨ ᠴᠠᠶᠢᠯᠭᠠᠨ ᠴᠠᠭᠠᠪᠤᠷ ᠢ ᠲᠤᠰᠬᠠᠭᠰᠠᠨ ᠢᠶᠠᠷ ᠪᠠᠷᠠᠬᠤ ᠦᠬᠡᠢ ︽ᠰᠠᠶᠢᠨ ᠰᠠᠨᠠᠭᠠᠨ ᠤ ᠦᠵᠦᠬᠦᠷ ᠲᠤ ᠰᠦ᠂ ᠮᠠᠭᠤ ᠰᠠᠨᠠᠭᠠᠨ ᠤ ᠦᠵᠦᠬᠦᠷ ᠲᠤ ᠭᠦ᠋︾ ᠭᠡᠭᠦ ᠤᠴᠢᠷ ᠶᠤᠰᠤ ᠶᠢ ᠴᠤ ᠲᠤᠰᠬᠠᠭᠰᠠᠨ ᠪᠠᠶᠢᠳᠠᠭ᠃ ᠮᠦᠨ ᠴᠤ ᠨᠠᠮ ᠲᠦᠷᠦ ᠶᠢᠨ ᠪᠤᠳᠤᠯᠭ᠎ᠠ᠂ ᠨᠠᠶᠢᠭᠡᠮ ᠤᠨ ᠬᠦᠭᠵᠢᠯᠳᠡ᠂ ᠰᠤᠶᠤᠯ ᠭᠡᠭᠡᠷᠡᠯ ᠳᠤ ᠮᠠᠯᠴᠢᠨ ᠲᠦᠮᠡᠨ ᠤ ᠠᠮᠢᠳᠤᠷᠠᠯ ᠤᠶᠢᠯᠡᠰ ᠤᠨ ᠲᠡᠭᠡᠭᠰᠢᠯᠡᠯᠳᠡ᠂ ᠢᠷᠡᠭᠡᠳᠦᠢ ᠶᠢᠨ ᠭᠦᠰᠡᠯ ᠲᠡᠮᠡᠤᠯᠤᠯ ᠢ ᠵᠢᠷᠤᠭᠯᠠᠵᠤ ᠴᠢᠳᠠᠭᠰᠠᠨ ᠪᠠᠶᠢᠨ᠎ᠠ᠃ ᠠᠵᠢᠯᠴᠢ ᠭᠦᠳᠡᠯᠮᠤᠷᠢᠴᠢ᠂ ᠲᠠᠰᠪᠤᠷᠢ ᠬᠠᠳᠠᠭᠤᠵᠢᠯᠳᠡᠢ᠂ ᠨᠤᠳᠤᠭ ᠤᠷᠤᠨ ᠪᠤᠯᠤᠨ ᠮᠠᠯ ᠰᠦᠷᠦᠭ ᠲᠡᠭᠡᠨ ᠬᠠᠶᠢᠷᠠᠳᠡᠢ᠂ ᠲᠤᠷᠰᠢᠯᠭ᠎ᠠ ᠲᠡᠭᠦᠯᠳᠡᠷ ᠬᠠᠰᠢᠷ ᠮᠠᠯᠴᠢᠨ᠂ ᠦᠷ᠎ᠡ ᠭᠡᠤᠭᠡᠳ ᠲᠡᠭᠡᠨ ᠲᠦᠰᠢᠭ ᠪᠤᠯᠤᠭᠰᠠᠨ ᠰᠠᠶᠢᠨ ᠠᠪᠤ ᠰᠡᠩᠬᠡ᠃ ᠰᠡᠩᠭᠡ ᠠᠪᠤ ᠶᠢᠨ ᠶᠠᠷᠢᠶᠠᠨ ᠳᠤ ᠨᠠᠭᠦᠳᠠᠯ ᠮᠠᠯᠵᠢᠯ ᠤᠨ ᠪᠠᠶᠢᠭᠠᠯᠢ ᠶᠢ ᠬᠠᠮᠠᠭᠠᠯᠠᠬᠤ ᠤᠬᠠᠭᠠᠨ ᠠᠭᠤᠯᠤᠬᠳᠡᠵᠦ᠂ ᠲᠠᠷᠨ ᠨᠢ ᠪᠡᠯᠴᠢᠬᠡᠷ ᠤᠨ ᠲᠠᠭᠠᠭᠠᠴᠠ᠂ ᠮᠠᠯ ᠤᠨ ᠰᠢᠮ᠎ᠡ ᠠᠪᠬᠤ ᠳᠤ ᠠᠰᠢᠭᠳᠠᠢ ᠭᠡᠬᠦ ᠮᠡᠳᠤ ᠶᠢᠨ ᠲᠤᠩ ᠠᠷᠪᠢᠨ ᠲᠤᠷᠰᠢᠯᠭᠠᠳᠤ ᠰᠤᠷᠭᠠᠮᠵᠢ ᠭᠠᠷᠴᠤ ᠪᠠᠶᠢᠳᠠᠭ᠃ ᠰᠡᠩᠭᠡ ᠠᠪᠤ ᠪᠤᠯ ᠲᠡᠭᠡᠳᠤᠰ ᠤᠨ ᠤᠬᠠᠭᠠᠨ ᠳᠠᠭᠠᠨ ᠲᠦᠰᠢᠭᠯᠡᠨ᠂ ᠨᠠᠭᠦᠳᠠᠯ ᠮᠠᠯᠵᠢᠯ ᠠᠴᠠ ᠮᠡᠳᠡᠯᠭᠡ ᠮᠡᠳᠡᠴᠡ ᠬᠤᠷᠠᠮᠳᠤᠭᠤᠯᠤᠨ᠂ ᠬᠤᠶᠢᠴᠢ ᠦᠶ᠎ᠡ ᠳᠡᠭᠡᠨ ᠤᠯᠠᠮᠵᠢᠯᠠᠯᠳᠤ ᠰᠤᠶᠤᠯ ᠢᠶᠠᠨ ᠬᠦᠷᠳᠡᠭᠡᠵᠦ᠂ ᠲᠡᠭᠷᠢ ᠶᠢᠨ ᠰᠠᠨᠠᠭ᠎ᠠ ᠶᠢ ᠲᠠᠭᠠᠭᠰᠠᠳ ᠢ ᠢᠪᠡᠭᠡᠨ ᠲᠡᠳᠭᠦᠵᠦ ᠶᠠᠪᠤᠳᠠᠭ ᠠᠮᠢᠳᠤᠷᠠᠯ ᠤᠨ ᠨᠤᠶᠠᠨ ᠨᠢᠷᠦᠭᠤ᠂ ᠨᠤᠳᠤᠭ ᠤᠨ ᠰᠠᠭᠢᠭᠤᠰᠤ ᠶᠢᠨ ᠲᠦᠷᠢ ᠶᠤᠮ᠃ ᠲᠡᠭᠡᠪᠡᠯ ᠠᠷᠭ᠎ᠠ ᠪᠢᠯᠢᠭ ᠤᠨ ᠤᠶᠠᠯᠳᠤᠯ ᠪᠤᠯᠤᠭᠰᠠᠨ ᠲᠡᠵᠢᠳ ᠨᠢ ᠦᠪᠡᠷ ᠤᠨ ᠠᠯᠢᠪᠠ ᠪᠠᠨ ᠦᠷ᠎ᠡ ᠳᠡᠭᠡᠨ ᠵᠤᠷᠢᠭᠤᠯᠵᠤ᠂ ᠦᠷ᠎ᠡ ᠬᠤᠶᠢᠴᠢᠰ ᠤᠨ ᠰᠠᠶᠢᠨ ᠰᠠᠶᠢᠬᠠᠨ ᠦᠬᠡᠳᠡ ᠡᠰᠡᠷᠡᠭ ᠤᠨ ᠲᠦᠯᠦᠭᠡ ᠲᠠᠭᠠᠳᠬᠠᠨ ᠪᠠᠶᠠᠰᠴᠤ᠂ ᠬᠦᠮᠦᠨ ᠠᠮᠢᠳᠠᠨ ᠤ ᠠᠯᠢᠪᠠ ᠤᠴᠢᠷ ᠶᠠᠪᠤᠳᠠᠯ ᠢ ᠠᠭᠤᠴᠢᠯᠠᠨ ᠪᠠᠭᠳᠠᠭᠠᠵᠤ ᠶᠠᠪᠤᠳᠠᠭ ᠡᠵᠢ ᠶᠢᠨ ᠲᠦᠷᠢ ᠪᠤᠯᠬᠤ ᠶᠤᠮ᠃ ᠪᠠᠰᠠ ᠭᠦᠳᠡᠷ᠂ ᠪᠠᠳᠮ᠎ᠠ᠂ ᠴᠢᠯᠠᠭᠤ᠂ ᠨᠠᠪᠴᠢᠮ᠎ᠠ᠂ ᠲᠦᠭᠦᠷᠡᠩ᠂ ᠽᠠᠨᠳᠠᠨ ᠭᠡᠭᠦ ᠭᠤᠣᠯ ᠲᠦᠷᠢ ᠨᠦᠭᠦᠳ ᠢᠯᠡᠷᠡᠳᠡᠭ᠃ ᠪᠠᠳᠮ᠎ᠠ ᠪᠣᠯ ᠤᠬᠠᠭᠠᠯᠢᠭ ᠢᠶᠠᠷ ᠤᠴᠢᠷ ᠶᠠᠪᠤᠳᠠᠯ ᠢ ᠰᠶᠢᠳᠪᠤᠷᠢᠯᠡᠵᠤ ᠴᠢᠳᠠᠳᠠᠭ᠂ ᠠᠵᠢᠯᠴᠢ ᠭᠦᠳᠡᠯᠮᠤᠷᠢᠴᠢ᠂ ᠲᠡᠰᠪᠤᠷᠢ ᠬᠠᠳᠠᠭᠤᠵᠢᠯᠳᠡᠢ᠂ ᠠᠭᠤᠵᠢᠭᠤ ᠪᠠᠭᠳᠠᠭᠠᠮᠵᠢᠳᠡᠢ᠂ ᠡᠷ᠎ᠡ ᠨᠦᠬᠦᠷ ᠲᠠᠢ ᠪᠠᠨ ︽ᠲᠤᠤᠭᠠᠷᠪᠠᠯ ᠲᠠᠭᠤ ᠨᠢᠬᠡ ᠲᠤᠭᠳᠤᠷᠪᠠᠯ ᠭᠦᠴᠦ ᠨᠢᠭᠡ︾ ᠪᠠᠶᠢᠬᠤ ᠶᠤᠰᠤ ᠶᠢ ᠪᠠᠷᠢᠮᠳᠠᠯᠠᠵᠤ᠂ ᠠᠶᠢᠯ ᠭᠡᠷ ᠲᠡᠭᠡᠨ ᠲᠦᠰᠢᠭ ᠪᠤᠯᠬᠤ ᠪᠠᠷ ᠪᠠᠷᠠᠬᠤ ᠦᠬᠡᠢ ᠪᠤᠰᠤᠳ ᠤᠨ ᠬᠠᠷᠢᠴᠠᠭ᠎ᠠ ᠶᠢ ᠴᠤ ᠰᠠᠶᠢᠬᠠᠨ ᠲᠤᠭᠢᠷᠠᠭᠤᠯᠵᠤ ᠴᠢᠳᠠᠳᠠᠭ᠂ ᠤᠯᠤᠰ ᠲᠦᠮᠡᠨ ᠳᠡᠭᠡᠨ ᠲᠤᠰᠠᠴᠢ ᠰᠡᠴᠡᠨ ᠮᠡᠷᠭᠡᠨ ᠪᠦᠰᠡᠬᠦᠢ ᠶᠤᠮ᠃ ᠨᠠᠪᠴᠢᠮ᠎ᠠ ᠭᠡᠵᠤ ᠴᠠᠶᠢᠯᠭᠠᠨ ᠴᠠᠭᠠᠪᠤᠷ᠂ ᠠᠮᠢᠳᠤᠷᠠᠯ ᠳᠤ ᠪᠠᠶᠠᠰᠤᠩᠭᠤᠢ᠂ ᠪᠡᠯᠡᠨ ᠦᠭᠡ ᠶᠡᠷᠢᠶ᠎ᠡ ᠲᠠᠢ ᠰᠢᠯᠤᠭᠤᠨ ᠰᠢᠳᠤᠷᠭᠤ ᠵᠠᠩ ᠲᠠᠢ᠂ ᠠᠵᠢᠯᠴᠢ ᠲᠤᠭᠢᠯᠢᠭ ᠬᠤᠪᠢ ᠪᠠᠨ ᠰᠠᠬᠢᠭᠰᠠᠨ ᠪᠦᠰᠡᠭᠦᠢ ᠪᠠᠶᠢᠬᠤ ᠳᠤ ᠽᠠᠨᠳᠠᠨ ᠨᠢ ᠲᠡᠰᠪᠤᠷᠢ ᠬᠠᠳᠠᠭᠤᠵᠢᠯᠳᠡᠢ᠂ ᠠᠵᠢᠯᠴᠢ ᠪᠤᠷᠤᠭᠵᠢᠭᠤᠨ᠂ ᠪᠤᠰᠤᠳ ᠤᠨ ᠲᠦᠯᠦᠭᠡ ᠦᠪᠡᠷ ᠤᠨ ᠵᠤᠯ ᠵᠢᠷᠭᠠᠯ ᠢᠶᠠᠨ ᠤᠷᠬᠢᠵᠤ ᠴᠢᠳᠡᠳᠠᠭ ᠴᠠᠶᠢᠯᠭᠠᠨ ᠴᠠᠭᠠᠪᠤᠷ ᠪᠦᠰᠡᠭᠦᠢ ᠶᠤᠮ᠃      ᠽᠠᠨᠳᠠᠨ ᠤ ᠲᠦᠷᠢ ᠲᠦᠢᠯ ᠤᠨ ᠬᠦᠬᠡᠷᠦᠬᠦᠢ᠂ ᠡᠵᠢ ᠠᠪᠤ ᠶᠢᠨ ᠢᠶᠠᠨ ᠤᠷᠤᠨ ᠳᠤ ᠶᠠᠯ᠎ᠠ ᠬᠦᠯᠢᠶᠡᠵᠦ᠂ ᠪᠤᠳᠤᠯ ᠤᠨ ᠭᠦᠨ ᠳᠡᠭᠡᠨ ᠭᠤᠨᠢᠭ ᠢᠶᠠᠨ ᠲᠠᠷᠤᠵᠤ᠂ ᠵᠤᠪᠠᠯᠠᠩ ᠤᠨ ᠲᠤᠮᠳ᠋ᠨ ᠬᠠᠳᠠᠭᠤᠵᠢᠵᠦ᠂ ᠬᠠᠯᠠ ᠠᠮᠰᠠᠵᠤ ᠪᠠᠶᠢᠭᠠᠳ ᠭᠡᠳᠤᠨ ᠭᠡᠤᠭᠡᠳ ᠢᠶᠠᠨ ᠭᠦᠮᠦᠨ ᠤ ᠵᠡᠷᠭᠡ ᠳᠤ ᠬᠦᠷᠭᠡᠵᠦ᠂ ᠬᠦᠮᠦᠨ ᠰᠢᠭ ᠠᠮᠢᠳᠤᠷᠠᠭᠤᠯᠤᠨ᠎ᠠ ᠬᠡᠮᠡᠨ ᠴᠢᠷᠮᠡᠶᠢᠵᠦ ᠵᠢᠳᠭᠦᠭᠰᠡᠨ ᠪᠦᠰᠡᠬᠦᠢ ᠳ᠋ᠠ᠃ ᠶᠠᠭ ᠯᠡ ᠮᠠᠨ ᠤ ᠠᠪᠤ ᠡᠵᠢ ᠶᠢᠨ ᠶᠠᠷᠢᠳᠠᠭ ︽ᠪᠤᠰᠤᠳ ᠢ ᠪᠤᠤ ᠬᠤᠤᠷᠯᠠ᠂ ᠬᠤᠤᠷᠠᠨ ᠰᠠᠨᠠᠭ᠎ᠠ᠂ ᠬᠤᠨᠵᠢᠬᠤ ᠪᠤᠳᠤᠯ ᠪᠤᠯ ᠦᠴᠦᠬᠡᠨ ᠰᠠᠨᠠᠭ᠎ᠠ ᠶᠤᠮ᠂ ᠪᠤᠰᠤᠳ ᠢ ᠬᠤᠨᠵᠢᠵᠤ ᠬᠤᠤᠷᠯᠠᠭᠰᠠᠳ ᠶᠡᠷᠤ ᠨᠢ ᠰᠠᠶᠢᠨ ᠦᠷ᠎ᠡ ᠳ᠋ᠦᠩ ᠪᠠᠶᠢᠳᠠᠭ ᠦᠬᠡᠢ᠂ ᠡᠨᠡ ᠪᠡᠶ᠎ᠡ ᠪᠠᠷ ᠢᠶᠠᠨ ᠥᠩᠬᠡᠷᠡᠬᠦᠯᠬᠦ ᠦᠬᠡᠢ ᠴᠤ ᠠᠴᠢᠷ ᠭᠡᠤᠭᠡᠳ ᠨᠢ ᠡᠭᠦᠷᠬᠡᠯᠡᠵᠤ ᠠᠪᠳᠠᠭ᠂ ᠪᠤᠰᠤᠳ ᠲᠤ ᠲᠤᠰᠠᠴᠢ ᠶᠠᠪᠤᠪᠠᠯ ᠦᠪᠡᠷ ᠢᠶᠠᠨ ᠵᠢᠷᠭᠠᠵᠤ ᠴᠢᠳᠠᠬᠤ ᠦᠬᠡᠢ ᠴᠤ ᠦᠷ᠎ᠡ ᠠᠴᠢᠷ ᠨᠢ ᠵᠢᠷᠭᠠᠬᠤ ᠶᠤᠮ︾ ᠭᠡᠳᠡᠭ ᠢ ᠰᠠᠨᠠᠭᠳᠠᠭᠤᠯᠤᠨ᠎ᠠ᠃ ᠦᠨᠡᠨ ᠴᠤ ᠶᠤᠮ ᠤᠤ ᠳ᠋ᠠ᠂ ᠬᠤᠷᠸ᠎ᠠ ᠭᠡᠵᠢ ᠡ︕      ᠭᠦᠳᠡᠷ᠂ ᠴᠢᠯᠠᠭᠤ᠂ ᠳᠠᠮᠪᠠ ᠨᠠᠷ ᠨᠢ ᠠᠵᠢᠯᠴᠢ ᠬᠦᠳᠡᠯᠮᠤᠷᠢᠴᠢ᠂ ᠰᠢᠯᠤᠭᠤᠨ ᠰᠢᠳᠤᠷᠭᠤ᠂ ᠰᠦᠰᠦ ᠵᠤᠷᠢᠭᠳᠡᠢ᠂ ᠬᠦᠰᠡᠯ ᠲᠡᠮᠡᠤᠯᠤᠯ᠂ ᠡᠷᠢᠯ ᠭᠦᠭᠡᠭᠡᠴᠡᠯᠳᠤᠯ ᠲᠠᠢ᠂ ᠠᠶᠢᠯ ᠭᠡᠷ᠂ ᠠᠴᠢᠷ ᠦᠷ᠎ᠡ ᠳᠡᠭᠡᠨ ᠲᠦᠰᠢᠭ ᠪᠤᠯᠤᠭᠰᠠᠨ ᠲᠠᠯ᠎ᠠ ᠶᠢᠨ ᠮᠤᠩᠭᠤᠯ ᠡᠷᠡᠴᠤᠳ ᠤᠨ ᠲᠦᠷᠢ ᠶᠢ ᠪᠦᠳᠤᠭᠡᠵᠡᠢ᠃ ᠴᠢᠯᠠᠭᠤ ᠨᠢ ᠵᠢᠭᠠᠬᠠᠨ ᠠᠳᠠᠭᠠᠴᠢ ᠪᠤᠯᠪᠠᠴᠤ ᠪᠤᠰᠤᠳ ᠢ ᠬᠤᠤᠷᠯᠠᠳᠠᠭ ᠦᠬᠡᠢ᠂ ᠳ᠋ᠠᠮᠪᠠ ᠵᠦᠷᠢᠭᠦᠳ ᠪᠤᠯᠪᠠᠴᠤ ᠤᠬᠠᠭᠠᠨ ᠲᠠᠢ᠂ ᠬᠦᠮᠦᠨ ᠤ ᠰᠠᠶᠢᠨ ᠢ ᠮᠠᠷᠳᠠᠳᠠᠭ ᠦᠬᠡᠢ ︽ᠤᠰᠤ ᠶᠢ ᠨᠢ ᠤᠤᠭᠤᠪᠠᠯ ᠡᠭᠢ ᠶᠢ ᠨᠢ ᠪᠤᠳᠤ︾ ᠭᠡᠳᠡᠭ ᠢ ᠰᠠᠨᠠᠵᠤ ᠶᠠᠪᠤᠳᠠᠭ ᠪᠦᠬᠡᠳ ᠤᠯᠠᠮᠵᠢᠯᠠᠯᠳᠤ ᠰᠤᠶᠤᠯ ᠤᠨ ᠰᠢᠯᠢᠳᠡᠭ ᠢ ᠬᠦᠯᠢᠶᠡᠨ ᠠᠪᠴᠤ᠂ ᠨᠠᠶᠢᠭᠡᠮ ᠠᠮᠢᠳᠤᠷᠠᠯ ᠤᠨ ᠬᠠᠷᠠᠭ᠎ᠠ ᠪᠠᠷ ᠰᠤᠶᠤᠯ ᠰᠤᠷᠴᠤ ᠪᠢᠴᠢᠭ ᠲᠠᠨᠢᠭᠰᠠᠨ ᠦᠬᠡᠢ ᠴᠤ ᠤᠬᠠᠭᠠᠨ ᠢᠶᠠᠷ ᠢᠶᠠᠨ ᠠᠮᠢᠳᠤᠷᠠᠵᠤ ︽ᠤᠨᠠᠭᠰᠠᠨ ᠭᠠᠵᠠᠷ ᠠᠴᠠ ᠪᠠᠨ ᠰᠢᠷᠤᠢ ᠠᠳᠬᠤᠵᠤ ᠪᠤᠰᠴᠤ ᠴᠢᠳᠠᠳᠠᠭ︾ ᠵᠢᠩᠬᠢᠨᠢ ᠮᠤᠩᠭᠤᠯ ᠡᠷ᠎ᠡ ᠬᠦᠮᠦᠨ ᠪᠤᠯᠬᠤ ᠶᠤᠮ᠃ ᠠᠮᠢᠳᠤᠷᠠᠯ ᠤᠨ ᠰᠠᠶᠢᠨ ᠰᠠᠶᠢᠬᠠᠨ ᠢ ᠬᠤᠯᠠ ᠠᠴᠠ ᠡᠷᠢᠬᠦ ᠪᠣᠰᠤ ᠬᠠᠷᠢᠨ ᠬᠠᠷᠠᠭᠠᠨ ᠲᠤᠤᠷ᠎ᠠ ᠨᠢ ᠪᠠᠶᠢᠬᠤ ᠡ᠊ᠩ ᠤᠨ ᠠᠮᠢᠳᠤᠷᠠᠯ ᠠᠴᠠ ᠪᠠᠨ ᠤᠯᠵᠤ ᠪᠠᠶᠡᠰᠴᠤ ᠶᠠᠪᠤᠳᠠᠭ ᠡᠷᠭᠢᠮ ᠰᠤᠷᠳᠡᠯ ᠲᠠᠢ᠃ ᠡᠬᠦᠨ ᠢ ᠴᠡᠴᠡᠭ ᠤᠨ ᠪᠡᠯᠡᠳᠤᠭ᠍ᠰᠡᠨ ᠦᠷᠯᠦᠭᠡᠨ ᠤ ᠴᠠᠢ ᠶᠢᠨ ᠤᠴᠢᠷ ᠠᠴᠠ ᠴᠤ ᠤᠯᠵᠤ ᠬᠠᠷᠠᠵᠤ ᠪᠤᠯᠤᠨ᠎ᠠ᠃ ᠲᠡᠷᠡ ᠭᠡᠤᠭᠡᠳ ᠲᠡᠭᠡᠨ ᠡᠵᠢ ᠴᠤ ᠪᠤᠯᠵᠤ᠂ ᠠᠪᠤ ᠴᠤ ᠪᠤᠯᠵᠤ᠂ ᠠᠳᠠᠯ ᠠᠮᠢᠳᠤᠷᠠᠯ ᠤᠨ ᠢᠶᠠᠨ ᠲᠦᠯᠦᠭᠡ ᠰᠢᠨᠳᠠᠷᠠᠰᠢ ᠦᠬᠡᠢ ᠵᠢᠳᠭᠦᠵᠤ ᠶᠠᠪᠤᠳᠠᠭ᠃ ᠬᠠᠷᠢᠨ ᠲᠦᠬᠦᠷᠡᠩ ᠪᠤᠯ ᠽᠠᠨᠳᠠᠨ ᠤ ᠭᠡᠳᠤᠢ ᠵᠦᠳᠡᠵᠦ ᠪᠠᠶᠢᠬᠤ ᠶᠢ ᠤᠯᠵᠤ ᠬᠠᠷᠠᠬᠤ ᠦᠬᠡᠢ ᠮᠦᠷᠳᠡᠭᠡᠨ ᠭᠡᠷ ᠪᠤᠯᠤᠨ ᠭᠡᠤᠭᠡᠳ ᠤᠨ ᠲᠦᠯᠦᠭᠡ ᠡᠮᠡᠭᠳᠡᠢ ᠭᠦᠮᠦᠨ ᠢᠩᠬᠢᠬᠦ ᠯᠠ ᠶᠤᠰᠤᠳᠡᠢ᠂ ᠭᠡᠷ ᠤᠨ ᠠᠵᠢᠯ ᠭᠡᠳᠡᠭ ᠪᠣᠯ ᠪᠦᠰᠡᠭᠦᠢ ᠬᠦᠮᠦᠨ ᠤ ᠯᠠ ᠬᠢᠳᠡᠯ ᠭᠡᠭᠦ ᠠᠮᠢᠨᠴᠢᠷ ᠦᠵᠡᠯᠳᠡ ᠲᠠᠢ ᠪᠠᠶᠢᠵᠤ᠂ ᠬᠠᠭᠢᠷ ᠡᠪᠤᠯ ᠤᠨ ᠬᠦᠢᠳᠡᠨ ᠳᠤ ᠴᠤ ᠭᠠᠯ ᠢᠶᠠᠨ ᠠᠰᠠᠭᠠᠬᠤ ᠠᠴᠠ ᠠᠯᠵᠠᠭᠤᠷᠠᠵᠦ ᠰᠠᠭᠤᠳᠠᠭ᠃ ᠬᠤᠭᠤᠰᠤᠨ ᠰᠠᠨᠠᠭ᠎ᠠ ᠭᠡᠢ ᠭᠦᠰᠡᠯ ᠲᠠᠢ᠂ ᠠᠯᠵᠠᠭᠤ ᠵᠠᠯᠬᠠᠭᠤ᠂ ᠮᠠᠭᠤᠬᠠᠢ ᠤᠬᠠᠭᠠᠨ ᠨᠢ ᠠᠷᠪᠢᠨ ᠪᠠᠶᠢᠳᠠᠭ ᠨᠢᠬᠡ ᠪᠦᠯᠦᠭ ᠭᠦᠮᠦᠨ ᠤ ᠨᠠᠶᠢᠳᠡᠯᠢᠭ ᠵᠢᠱᠢᠶ᠎ᠡ ᠶᠤᠮ᠃ ᠬᠠᠭᠤᠴᠢ ᠦᠬᠡᠨ ᠳᠤ ︽ᠬᠦᠤ ᠲᠠᠢ᠂ ᠦᠬᠢᠨ ᠲᠠᠢ ᠠᠶᠢᠯ ᠪᠤᠯ ᠬᠠᠮᠤᠭ ᠤᠨ ᠪᠠᠶᠠᠨ ᠠᠶᠢᠯ︾ ᠭᠡᠳᠡᠭ᠃ ᠲᠦᠭᠦᠷᠡᠩ ᠤᠨ ᠬᠢ ᠪᠤᠯ ᠶᠠᠭ ᠡᠶᠢᠮᠦ ᠠᠶᠢᠯ ᠤᠨ ᠨᠢᠬᠡ ᠶᠤᠮ᠂ ᠲᠦᠷᠤᠯ ᠲᠠᠳᠠᠬᠤ ᠦᠬᠢᠨ ᠲᠠᠢ᠂ ᠲᠦᠭᠦᠮ ᠰᠠᠭᠢᠵᠤ ᠭᠤᠯᠤᠮᠳᠠ ᠵᠠᠯᠭᠠᠬᠤ ᠭᠦᠤ ᠲᠠᠢ᠂ ᠦᠳᠡᠯᠤᠬᠡ ᠨᠠᠰᠤ ᠪᠠᠨ ᠡᠯᠡᠭᠡᠳᠡᠯ᠎ᠡ ᠬᠠᠨᠢᠯᠠᠬᠤ ᠴᠠᠶᠢᠯᠭᠠᠨ ᠴᠠᠭᠠᠪᠤᠷ ᠪᠦᠰᠡᠭᠦᠢ ᠲᠠᠢ᠂ ᠬᠡᠪᠡᠴᠤ ᠲᠡᠷᠡ ᠡᠨᠡ ᠪᠦᠭᠦᠨ ᠳᠡᠭᠡᠨ ᠰᠡᠳᠭᠢᠯ ᠬᠠᠨᠤᠮᠵᠢ ᠲᠠᠢ ᠪᠢᠰᠢ᠂ ᠬᠠᠷᠢᠨ ᠬᠤᠷᠮᠤᠢ ᠳᠤᠨᠢ ᠬᠡᠢ ᠰᠢᠷᠭᠤᠴᠢᠬᠠᠭᠰᠠᠨ ᠶᠤᠮ ᠰᠢᠬ ᠬᠤᠭᠤᠰᠤᠨ ᠢ ᠰᠠᠨᠠᠭᠠᠰᠢᠷᠠᠨ ᠬᠤᠶᠢᠷᠭᠤ ᠶᠢ ᠵᠠᠶᠢᠳᠠᠯᠠᠬᠤ ᠶᠢ ᠪᠤᠳᠤᠵᠤ ᠪᠠᠶᠢᠳᠠᠭ ᠶᠤᠮ᠃ ᠵᠦᠴᠦᠭᠡ ᠳᠠᠬᠢ ᠲᠦᠭᠦᠷᠡᠩ ᠠᠵᠢᠯ ᠬᠢᠳᠡᠯ ᠠᠴᠠ ᠵᠠᠶᠢᠳᠠᠵᠤ᠂ ᠠᠮᠠᠷᠬᠠᠨ ᠢᠶᠠᠷ ᠮᠦᠩᠬᠦ ᠤᠯᠬᠤ ᠶᠢ ᠰᠠᠨᠠᠵᠤ ᠬᠠᠷᠠᠭᠦᠦ ᠮᠠᠳᠤ ᠶᠢᠨ ᠭᠦᠮᠦᠨ ᠳᠤ ᠬᠠᠭᠤᠷᠳᠠᠭᠳᠠᠨ᠂ ᠶᠠᠭᠠᠬᠢᠵᠦ ᠪᠤᠷᠤᠭᠤᠳᠠᠭᠰᠠᠨ ᠢᠶᠠᠨ ᠴᠤ ᠮᠡᠳᠡᠭᠦ ᠦᠬᠡᠢ ᠨᠢᠬᠡ ᠭᠡᠮᠵᠢᠶᠡᠨ ᠳᠤ ᠭᠦᠷᠦᠭᠰᠡᠨ ᠪᠤᠯᠪᠠᠴᠤ ᠠᠪᠤᠷᠠᠭᠳᠠᠬᠤ ᠪᠤᠯᠤᠮᠵᠢ ᠪᠠᠨ ᠪᠦᠷᠢᠮᠦᠰᠤᠨ ᠠᠯᠳᠠᠭ᠎ᠠ ᠦᠬᠡᠢ᠃      ᠮᠠᠯᠴᠢᠨ ᠬᠦᠮᠤᠨ ᠤ ᠴᠠᠶᠢᠯᠭᠠᠨ ᠴᠠᠭᠠᠪᠤᠷ᠂ ᠡᠷᠡᠰ ᠰᠢᠭᠤᠷᠬᠠᠢ᠂ ᠠᠵᠢᠯᠴᠢ ᠪᠤᠷᠤᠭᠵᠢᠭᠤᠨ᠂ ᠰᠢᠯᠤᠭᠤᠨ ᠰᠢᠳᠤᠷᠭᠤ᠂ ᠭᠦᠰᠡᠯ ᠮᠦᠷᠦᠭᠡᠳᠤᠯ ᠲᠠᠢ ᠶᠢ ᠲᠠᠯ᠎ᠠ ᠲᠠᠯ᠎ᠠ ᠠᠴᠠ ᠨᠢ ᠲᠤᠰᠬᠠᠭᠰᠠᠨ ︽ᠭᠦᠳᠡᠭᠡ ᠰᠢᠯᠢ︾ ᠪᠤᠯ ᠨᠡᠭᠦᠳᠡᠯ ᠰᠤᠶᠤᠯ ᠤᠨ ᠪᠠᠶᠢᠭᠠᠯᠢ ᠳᠤ ᠦᠵᠡᠭᠦᠯᠦᠭᠰᠡᠨ ᠦᠨ᠎ᠡ ᠴᠠᠨ᠎ᠠ ᠪᠠ ᠬᠦᠮᠦᠨ ᠪᠠᠶᠢᠭᠠᠯᠢ ᠶᠢᠨ ᠨᠢᠭᠡᠳᠤᠯ ᠢ ᠬᠠᠷᠠᠭᠤᠯᠤᠭᠰᠠᠨ ᠰᠠᠶᠢᠬᠠᠨ ᠪᠦᠳᠤᠭᠡᠯ ᠪᠤᠯᠬᠤ ᠶᠤᠮ᠃ ᠲᠠᠨ᠎ᠠ ᠰᠤᠪᠤᠳ ᠰᠢᠭ ᠲᠡᠪᠤᠨ ᠬᠤᠰᠢᠭᠤ ᠮᠠᠯ ᠠᠯᠠᠭᠯᠠᠭᠰᠡᠨ ᠨᠤᠮᠢᠨ ᠨᠤᠭᠤᠭᠠᠨ ᠲᠠᠯ᠎ᠠ ᠳᠤ ᠠᠳᠤᠭᠤ ᠭᠡᠭᠴᠢ ᠭᠦᠩᠭᠡᠨ ᠭᠦᠯ ᠲᠠᠢ ᠮᠠᠯ ᠪᠤᠯᠬᠤᠷ ᠵᠠᠳᠠᠭᠠᠢ ᠪᠡᠯᠴᠢᠭᠡᠷ ᠲᠤ ᠲᠤᠭᠢᠷᠠᠳᠠᠭ᠃ ᠲᠡᠷᠡ ᠦᠶ᠎ᠡ ᠶᠢᠨ ᠮᠠᠯᠴᠢᠳ ᠵᠢᠯ ᠤᠨ ᠲᠦᠷᠪᠠᠨ ᠤᠯᠠᠷᠢᠯ ᠳᠤ ᠦᠩ ᠰᠢᠮᠡᠯᠢᠭ ᠪᠡᠯᠴᠢᠭᠡᠷ ᠢ ᠰᠢᠯᠢᠵᠦ᠂ ᠬᠠᠪᠤᠷᠵᠢᠵᠤ᠂ ᠵᠤᠡᠰᠠᠵᠤ᠂ ᠨᠠᠮᠤᠷᠵᠢᠵᠤ᠂ ᠡᠪᠤᠯᠵᠢᠵᠦ ᠪᠠᠶᠢᠳᠠᠭ ᠨᠢ ᠲᠠᠯ᠎ᠠ ᠨᠤᠳᠤᠭ ᠤᠨ ᠲᠠᠷᠤᠭᠠᠰᠤ ᠶᠢ ᠭᠦᠩᠭᠡᠷᠡᠬᠦᠯᠬᠦ ᠪᠠᠷ ᠪᠠᠷᠠᠬᠤ ᠦᠬᠡᠢ ᠮᠠᠯ ᠠᠳᠤᠭᠤ ᠨᠢ ᠡᠪᠡᠰᠤᠨ ᠤ ᠰᠤᠷᠭᠤᠭ ᠢ ᠡᠳ᠋ᠯᠡᠬᠦ ᠶᠢᠨ ᠲᠠᠭᠠᠤ ᠲᠤᠭᠤᠷᠠᠢ᠂ ᠠᠷᠭᠠᠯ᠂ ᠬᠤᠷᠭᠤᠯ᠂ ᠬᠤᠮᠤᠭᠤᠯ ᠢᠶᠠᠷ ᠢᠶᠠᠨ ᠤᠷᠭᠤᠮᠠᠯ ᠤᠨ ᠦᠷ᠎ᠠ ᠶᠢ ᠡᠨᠡ ᠨᠤᠳᠤᠭ ᠠᠴᠠ ᠲᠡᠷᠡ ᠨᠤᠳᠤᠭ ᠲᠤ ᠵᠦᠬᠡᠬᠡᠪᠦᠷᠢᠯᠡᠵᠤ᠂ ᠡᠨᠡ ᠪᠡᠯᠴᠢᠬᠡᠷ ᠠᠴᠠ ᠲᠡᠷᠡ ᠪᠡᠯᠴᠢᠬᠡᠷ ᠲᠤ ᠠᠪᠠᠴᠢᠵᠤ ᠡᠪᠡᠰᠤᠨ ᠤ ᠲᠦᠷᠦᠯ ᠵᠦᠢᠯ ᠢ ᠤᠯᠠᠰᠢᠷᠠᠭᠤᠯᠵᠤ ᠪᠠᠶᠢᠵᠠᠢ᠃ ᠲᠡᠯ᠎ᠠ ᠨᠤᠳᠤᠭ ᠤᠨ ᠤᠷᠭᠤᠮᠠᠯ ᠤᠨ ᠲᠦᠷᠦᠯ ᠵᠦᠢᠯ ᠤᠯᠠᠰᠢᠷᠠᠬᠤ ᠳᠤ ᠲᠠᠪᠤᠨ ᠬᠤᠰᠢᠭᠤ ᠮᠠᠯ ᠨᠢ ᠲᠠᠯ᠎ᠠ ᠶᠢᠨ ᠲᠡᠨᠢᠬᠦᠨ ᠡ᠊ᠡᠭᠭᠡᠷ ᠲᠤ ᠰᠠᠨᠠᠭ᠎ᠠ ᠲᠠᠶᠢᠪᠤᠩ ᠢᠳᠡᠰᠢᠯᠡᠨ ᠲᠠᠷᠭᠤ ᠭᠦᠴᠦ ᠠᠪᠴᠤ᠂ ᠮᠢᠬ᠎ᠠ ᠰᠦ ᠨᠢ ᠴᠤ ᠠᠮᠳᠠ ᠰᠢᠮᠡᠳᠡᠢ ᠪᠤᠯᠳᠠᠭ᠃ ᠡᠷᠲᠡᠨ ᠤ ᠮᠤᠩᠭᠤᠯᠴᠤᠳ ᠤᠨ ᠠᠮᠢ ᠠᠬᠤᠢ ᠶᠢᠨ ᠵᠤᠭᠢᠴᠠᠯ ᠢᠩᠭᠢᠵᠤ ᠠᠶᠠᠨᠳᠠᠭᠠᠨ ᠪᠦᠷᠢᠯᠳᠤᠳᠡᠭ ᠪᠤᠯᠬᠤᠷ ᠪᠠᠶᠢᠭᠠᠯᠢ ᠲᠡᠯᠡᠭᠡᠢ ᠨᠢ ᠴᠤ ᠦᠩᠰᠡᠭ ᠰᠠᠶᠢᠬᠠᠨ ᠪᠠᠶᠢᠳᠠᠭ ᠶᠤᠮ᠃      ᠬᠦᠪᠡᠭᠡ ᠭᠢᠵᠠᠭᠠᠷ ᠨᠢ ᠬᠠᠷᠠᠭᠳᠠᠬᠤ ᠦᠬᠡᠢ ᠠᠭᠤᠳᠠᠮ ᠲᠡᠨᠢᠬᠡᠷ ᠲᠠᠯ᠎ᠠ ᠨᠤᠳᠤᠭ ᠬᠠᠷᠠᠭᠠᠨ ᠳᠤ ᠲᠤᠳᠤᠷᠠᠭᠠᠳ ᠮᠠᠯᠵᠢᠬᠤ ᠨᠤᠳᠤᠭ ᠤᠨ ᠠᠶᠢᠯ ᠰᠠᠭᠠᠬᠠᠯᠳᠠ ᠬᠤᠭᠤᠷᠤᠨᠳᠤ ᠪᠠᠨ ᠬᠠᠶᠢᠷ᠎ᠠ ᠬᠠᠯᠠᠮᠵᠢ ᠲᠠᠢ᠂ ᠬᠠᠷᠢᠭᠤᠴᠠᠯᠭ᠎ᠠ ᠲᠠᠮᠵᠢᠯᠭᠡ ᠲᠠᠢ᠂ ᠨᠢᠭᠳᠠᠷᠠᠯ ᠪᠦᠯᠬᠦᠮᠳᠠᠯ ᠲᠠᠢ ︽ᠠᠶᠢᠮᠠᠭ ᠰᠠᠭᠤᠪᠠᠯ ᠠᠮᠢ ᠨᠢᠭᠡ᠂ ᠰᠠᠭᠠᠬᠠᠯᠳᠠ ᠰᠠᠭᠤᠪᠠᠯ ᠰᠠᠨᠠᠭ᠎ᠠ ᠨᠢᠬᠡ︾ ᠭᠡᠳᠡᠭ ᠨᠢ ᠲᠦᠷᠦᠭᠰᠡᠨ ᠠᠬ᠎ᠠ ᠲᠡᠭᠦᠤ ᠶᠢᠨ ᠬᠠᠷᠢᠴᠠᠭᠠᠨ ᠠᠴᠠ ᠦᠬᠡᠷ᠎ᠡ ᠦᠦ ᠳ᠋ᠠ᠃      ᠰᠢᠨ᠎ᠡ ᠴᠠᠭ ᠦᠶ᠎ᠠ ᠤᠷᠤᠭᠤ ᠤᠷᠤᠭᠰᠢᠯᠠᠬᠤ ᠦᠩᠬᠡ ᠥᠩᠭᠡ ᠶᠢᠨ ᠲᠥᠷᠢ ᠨᠦᠭᠦᠳ ︽ᠭᠦᠳᠡᠭᠡ ᠰᠢᠯᠢ︾ ᠶᠢᠨ ᠭᠡᠳᠦᠭᠡᠨ ᠹᠢᠯᠢᠮ ᠳᠤ ᠲᠤᠪᠴᠢᠯᠠᠭᠳᠠᠨ ᠲᠤᠳᠤᠷᠠᠭᠠᠳ ᠤᠨ ᠵᠢᠯ ᠤᠨ ᠤᠯᠠ ᠮᠦᠷ ᠲᠤᠷᠠᠶᠢᠭᠰᠠᠭᠠᠷ᠂ ᠤᠯᠠᠨ ᠠᠷᠪᠢᠨ ᠬᠦᠮᠦᠨ ᠤᠳᠤᠷ ᠨᠠᠭᠦᠳᠠᠯ ᠠᠴᠠ ᠤᠯᠤᠯᠳᠠ ᠲᠠᠢ ᠠᠮᠵᠢᠯᠳᠠ ᠲᠠᠢ ᠲᠤᠷᠨᠢᠨ᠂ ᠦᠬᠡᠳᠡᠷᠭᠡᠭ ᠬᠠᠯᠠᠭᠤᠨ ᠲᠡᠮᠡᠤᠯᠤᠯ ᠳᠤᠨᠢ ᠡᠪᠤᠭᠡᠳ ᠤᠨ ᠴᠡᠩᠬᠡᠷ ᠭᠥᠳᠡᠭᠡ ᠲᠤᠷᠠᠨᠳᠤᠭᠳᠠᠨ᠂ ᠡᠭᠡᠰᠢᠭ ᠲᠠᠭᠤᠨ ᠤ ᠠᠶᠢᠵᠡᠮ ᠲᠠᠢ ᠦᠪᠡᠷ ᠦᠪᠡᠷ ᠤᠨ ᠥᠩᠬᠡ ᠪᠠᠷ ᠬᠦᠮᠦᠨ ᠤ ᠠᠮᠢᠳᠦᠷᠠᠯ ᠦᠷᠬᠦᠯᠵᠢᠯᠡᠨ᠎ᠡ᠃ ︽ᠴᠠᠭ ᠴᠠᠭ ᠢᠶᠠᠷ ᠢᠶᠠᠨ ᠪᠠᠶᠢᠳᠠᠭ ᠦᠬᠡᠢ᠂ ᠴᠠᠬᠢᠯᠳᠠᠭ ᠬᠥᠬᠡ ᠪᠠᠷ ᠢᠶᠠᠨ ᠪᠠᠶᠢᠳᠠᠭ ᠦᠬᠡᠢ︾᠃ ᠴᠠᠭ ᠲᠥᠷᠥ ᠶᠢᠨ ᠠᠯᠬᠤᠭᠠᠨ ᠳᠤ ᠠᠯᠤᠰ ᠢ ᠪᠠᠷᠠᠯᠠᠨ ᠲᠡᠪᠬᠢᠬ᠋᠎ᠠ᠂ ᠠᠰᠢᠳᠠ ᠶᠢᠨ ᠵᠠᠶᠠᠭᠠᠳᠤ ᠨᠤᠳᠤᠭ ᠲᠤ ᠮᠢᠨᠢ ᠬᠥᠳᠡᠭᠡ ᠰᠢᠯᠢ ᠶᠢᠨ ᠲᠤᠮᠤᠭ ᠤᠳ ᠦᠷᠭᠦᠯᠵᠢᠯᠡᠭᠰᠡᠭᠡᠷ᠃  
ᠢᠷᠡᠯᠲᠡ᠄ ᠤᠷᠳᠤᠰ ᠤᠨ ᠡᠳᠤᠷ ᠤᠨ ᠰᠤᠨᠢᠨ