ᠷᠠᠳᠢᠣ᠋ ᠮᠢᠨᠢ
ᠨᠡᠶᠢᠲᠡᠯᠡᠭᠰᠡᠨ ᠴᠠᠭ᠄
2023/8/8
                                 ᠵᠣᠬᠢᠶᠠᠭᠴᠢ᠄ ᠄ᠤᠳᠬᠤᠨᠴᠢᠮᠡᠭ     ᠠᠯᠲᠠ ᠲᠣᠷᠭᠠᠨ ᠬᠠᠳᠠᠭ ᠢᠶᠠᠨ     ᠠᠯᠠᠭᠠᠨ ᠳᠡᠭᠡᠷ᠎ᠡ ᠪᠠᠨ ᠪᠠᠷᠢᠵᠤ     ᠤᠳᠤᠮᠲᠤ ᠮᠣᠩᠭᠤᠯ ᠤᠨ ᠶᠣᠰᠣ ᠪᠠᠷ     ᠠᠮᠤᠷ ᠮᠡᠨᠳᠦ ᠪᠠᠨ ᠠᠰᠠᠭᠤᠵᠤ ᠪᠠᠶᠢᠨ᠎ᠠ᠃     ᠠᠷᠠᠯᠲᠤ ᠬᠤᠭᠤᠷ ᠢᠶᠠᠨ ᠪᠠᠷᠢᠭᠠᠳ     ᠠᠶᠠᠯᠭᠤ ᠶᠢ ᠲᠠᠭᠠᠷᠠᠭᠤᠯᠵᠤ ᠬᠥᠭᠯᠡᠶ᠎ᠡ ᠳ᠋ᠣᠣ     ᠡᠷᠬᠢᠮ ᠬᠦᠨᠳᠦᠲᠦ ᠲᠠ ᠪᠦᠬᠦᠨ ᠳᠡᠭᠡᠨ     ᠷᠠᠳᠢᠣ᠋ ᠪᠠᠨ ᠰᠢᠯᠦᠭᠯᠡᠵᠦ ᠮᠠᠭᠲᠠᠶ᠎ᠠ ᠳ᠋ᠣᠣ᠃     ᠠᠪᠳᠠᠷ᠎ᠠ ᠳᠡᠭᠡᠷ᠎ᠡ ᠮᠢᠨᠢ ᠳᠤᠤᠭᠠᠷᠳᠠᠭ     ᠠᠮᠢᠨ ᠬᠠᠶᠢᠷᠠᠲᠠᠢ ᠷᠠᠳᠢᠣ᠋ ᠮᠢᠨᠢ     ᠠᠭᠠᠷ ᠤᠨ ᠰᠦᠯᠡᠭᠰᠡᠨ ᠰᠠᠴᠤᠯᠢ ᠲᠠᠢ     ᠠᠰᠢᠳᠠ ᠶᠢᠨ ᠵᠥᠩᠨᠡᠯ ᠲᠠᠢ ᠷᠠᠳᠢᠣ᠋ ᠮᠢᠨᠢ᠃     ᠤᠨᠠᠭᠠᠨ ᠪᠠᠭ᠎ᠠ ᠶᠢᠨ ᠨᠠᠰᠤᠨ ᠠᠴᠠ     ᠪᠦᠪᠡᠢ ᠪᠠᠷ ᠲᠣᠷᠨᠢᠭᠤᠯᠤᠭᠰᠠᠨ ᠷᠠᠳᠢᠣ᠋ ᠮᠢᠨᠢ     ᠤᠷᠢ ᠵᠠᠯᠠᠭᠤ ᠨᠠᠰᠤᠨ ᠳᠤ ᠮᠢᠨᠢ     ᠪᠢᠯᠢᠭ ᠢ ᠬᠤᠷᠴᠠᠯᠠᠭᠰᠠᠨ ᠷᠠᠳᠢᠣ᠋ ᠮᠢᠨᠢ᠃     ᠬᠤᠨᠢ ᠮᠠᠯ ᠳᠠᠭᠠᠨ ᠶᠠᠪᠤᠭᠰᠠᠨ ᠴᠤ     ᠬᠠᠨᠢ ᠪᠣᠯᠳᠠᠭ ᠷᠠᠳᠢᠣ᠋ ᠮᠢᠨᠢ     ᠬᠠᠨ ᠬᠤᠷᠸ᠎ᠠ ᠶᠢᠨ ᠭᠠᠶᠢᠬᠠᠮᠰᠢᠭ ᠲᠠᠢ     ᠭᠠᠨᠵᠤᠭ᠎ᠠ ᠪᠠᠶᠠᠨ ᠷᠠᠳᠢᠣ᠋ ᠮᠢᠨᠢ᠃     ᠪᠠᠯᠠᠷ ᠮᠠᠩᠬᠠᠨ ᠳᠠᠭᠠᠨ ᠶᠠᠪᠤᠭᠰᠠᠨ ᠴᠤ     ᠪᠡᠶ᠎ᠡ ᠠᠴᠠ ᠰᠠᠯᠳᠠᠭ ᠦᠭᠡᠢ ᠷᠠᠳᠢᠣ᠋ ᠮᠢᠨᠢ     ᠪᠣᠳᠣᠯ ᠰᠡᠳᠬᠢᠯ ᠢ ᠮᠢᠨᠢ ᠲᠡᠷᠭᠡᠯᠰᠢᠭᠦᠯᠳᠡᠭ     ᠪᠤᠷᠬᠠᠨ ᠬᠠᠶᠢᠷ᠎ᠠ ᠶᠢᠨ ᠷᠠᠳᠢᠣ᠋ ᠮᠢᠨᠢ᠃     ᠠᠵᠢᠯ ᠬᠥᠳᠡᠯᠮᠦᠷᠢ ᠬᠢᠬᠦ ᠳᠡᠭᠡᠨ     ᠠᠯᠵᠢᠶᠠᠯ ᠢ ᠲᠠᠶᠢᠯᠳᠠᠭ ᠷᠠᠳᠢᠣ᠋ ᠮᠢᠨᠢ     ᠠᠭᠤᠤ ᠨᠠᠮ ᠤᠨ ᠳᠠᠭᠤᠨ ᠬᠤᠭᠤᠯᠠᠢ ᠲᠠᠢ     ᠠᠶᠠᠨ ᠤ ᠵᠢᠯᠤᠭᠤ ᠲᠠᠢ ᠷᠠᠳᠢᠣ᠋ ᠮᠢᠨᠢ᠃     ᠰᠥ ᠲᠠᠢ ᠴᠠᠢ ᠪᠠᠨ ᠤᠤᠭᠤᠬᠤ ᠳᠤ     ᠰᠢᠮ᠎ᠡ ᠪᠣᠯᠳᠠᠭ ᠷᠠᠳᠢᠣ᠋ ᠮᠢᠨᠢ     ᠰᠢᠨᠵᠢᠯᠡᠬᠦ ᠤᠬᠠᠭᠠᠨ ᠤ ᠮᠡᠳᠡᠯᠭᠡ ᠶᠢᠨ     ᠰᠢᠳᠢ ᠶᠢ ᠬᠠᠶᠢᠷᠠᠯᠠᠭᠰᠠᠨ ᠷᠠᠳᠢᠣ᠋ ᠮᠢᠨᠢ᠃     ᠨᠠᠶᠢᠷᠠᠭᠤᠯᠤᠭᠴᠢ ᠬᠥᠲᠥᠯᠦᠭᠴᠢ ᠪᠠᠭᠰᠢ ᠨᠠᠷ ᠤᠨ     ᠨᠠᠨᠳᠢᠨ ᠵᠢᠳᠬᠦᠯ ᠲᠠᠢ ᠷᠠᠳᠢᠣ᠋ ᠮᠢᠨᠢ     ᠨᠠᠶᠢᠳᠠ ᠤᠯᠠᠠ ᠤ ᠰᠡᠳᠬᠢᠯ ᠳᠤ     ᠨᠠᠷᠠ ᠨᠢ ᠪᠤᠯᠲᠠᠭ ᠷᠠᠳᠢᠣ᠋ ᠮᠢᠨᠢ᠃     ᠠᠪᠤ ᠡᠵᠢ ᠪᠠᠭᠰᠢ ᠲᠠᠢ ᠠᠳᠠᠯᠢᠬᠠᠨ     ᠤᠷᠤᠭᠰᠢ ᠪᠠᠨ ᠬᠥᠲᠥᠯᠦᠭᠰᠡᠨ ᠷᠠᠳᠢᠣ᠋ ᠮᠢᠨᠢ     ᠠᠨᠳᠠ ᠪᠣᠯᠤᠨ ᠨᠠᠶᠢᠵᠠ ᠲᠠᠢ ᠪᠠᠨ     ᠤᠶᠠᠩᠭ᠎ᠠ ᠶᠢᠨ ᠵᠣᠯᠭᠠᠯᠲᠠ ᠲᠠᠢ ᠷᠠᠳᠢᠣ᠋ ᠮᠢᠨᠢ᠃     ᠠᠮᠤᠷ ᠵᠢᠷᠭᠠᠯ ᠤᠨ ᠠᠶᠢᠯᠠᠳᠬᠠᠯ ᠲᠠᠢ     ᠬᠦᠰᠡᠯ ᠤᠨ ᠳᠠᠭᠤᠤ ᠲᠠᠢ ᠷᠠᠳᠢᠣ᠋ ᠮᠢᠨᠢ     ᠠᠪᠤ ᠡᠵᠢ ᠲᠦᠷᠦᠯ ᠰᠠᠳᠤᠨ ᠳᠠᠭᠠᠨ     ᠬᠦᠨᠳᠦᠳᠬᠡᠯ ᠢᠷᠦᠭᠡᠯ ᠲᠠᠢ ᠷᠠᠳᠢᠣ᠋ ᠮᠢᠨᠢ᠃     ᠬᠠᠤᠯᠢ ᠴᠠᠭᠠᠵᠠ ᠶᠢᠨ ᠬᠢᠴᠢᠶᠡᠯ ᠢᠶᠠᠷ     ᠨᠡᠶᠢᠭᠡᠮ ᠢᠶᠠᠨ ᠵᠠᠰᠠᠭᠰᠠᠨ ᠷᠠᠳᠢᠣ᠋ ᠮᠢᠨᠢ     ᠬᠤᠲᠠᠯᠠ ᠲᠦᠮᠡᠨ ᠢᠶᠠᠨ ᠪᠦᠯᠭᠦᠮᠳᠡᠭᠦᠯᠦᠭᠰᠡᠨ     ᠨᠢᠭᠲᠠᠷᠠᠯ ᠢ ᠠᠪᠴᠢᠷᠠᠭᠰᠠᠨ ᠷᠠᠳᠢᠣ᠋ ᠮᠢᠨᠢ᠃     ᠦᠨᠳᠦᠰᠦᠲᠡᠨ ᠤ ᠥᠪ ᠪᠣᠯᠤᠨ ᠰᠣᠶᠣᠯ ᠢᠶᠠᠨ     ᠤᠯᠠᠮᠵᠢᠯᠠᠨ ᠲᠠᠨᠢᠭᠤᠯᠤᠭᠰᠠᠨ ᠷᠠᠳᠢᠣ᠋ ᠮᠢᠨᠢ     ᠣᠳᠣᠨ ᠰᠣᠳᠣᠨ ᠬᠥᠮᠦᠰ ᠤᠨ ᠢᠶᠠᠨ     ᠦᠯᠢᠭᠡᠷ ᠲᠡᠦᠬᠡ ᠲᠠᠢ ᠷᠠᠳᠢᠣ᠋ ᠮᠢᠨᠢ᠃     ᠠᠶᠢᠯ ᠤᠨ ᠣᠯᠠᠨ ᠢᠶᠠᠷ ᠢᠶᠠᠨ ᠵᠣᠭᠤᠭᠳᠠᠬᠤ     ᠤᠷᠮ᠎ᠠ ᠶᠢ ᠲᠠᠲᠠᠭᠰᠠᠨ ᠷᠠᠳᠢᠣ᠋ ᠮᠢᠨᠢ     ᠠᠬᠰᠢᠷᠠᠭ᠎ᠠ ᠵᠠᠯᠠᠭᠤ ᠪᠠᠭᠠᠴᠤᠳ ᠤᠨ ᠢᠶᠠᠨ     ᠡᠷᠡᠭᠦᠯ ᠢ ᠬᠦᠰᠡᠭᠰᠡᠨ ᠷᠠᠳᠢᠣ᠋ ᠮᠢᠨᠢ᠃     ᠴᠢᠨᠡᠭᠡᠯᠢᠭ ᠠᠮᠢᠳᠤᠷᠠᠯ ᠢ ᠪᠠᠶᠢᠭᠤᠯᠬᠤ     ᠴᠢᠳᠠᠮᠭᠠᠢ ᠵᠠᠭᠤᠴᠢ ᠷᠠᠳᠢᠣ᠋ ᠮᠢᠨᠢ     ᠴᠠᠭ ᠤᠨ ᠰᠠᠶᠢᠨ ᠢ ᠮᠡᠳᠡᠭᠡᠯᠡᠳᠡᠭ     ᠴᠡᠩᠭᠡᠯ ᠵᠢᠷᠭᠠᠯ ᠤᠨ ᠷᠠᠳᠢᠣ᠋ ᠮᠢᠨᠢ᠃     ᠲᠠᠶᠠᠭ ᠲᠦᠰᠢᠭ ᠤᠨ ᠪᠠᠷᠢᠯᠳᠤᠯᠭ᠎ᠠ ᠲᠠᠢ     ᠲᠦᠷᠦ ᠶᠢᠨ ᠳᠠᠭᠤᠤ ᠲᠠᠢ ᠷᠠᠳᠢᠣ᠋ ᠮᠢᠨᠢ     ᠳᠡᠭᠵᠢᠷᠡᠵᠦ ᠮᠠᠨᠳᠤᠬᠤ ᠦᠢᠯᠡᠰ ᠤᠨ     ᠲᠦᠷᠦᠭᠡ ᠨᠢ ᠪᠣᠯᠳᠠᠭ ᠷᠠᠳᠢᠣ᠋ ᠮᠢᠨᠢ᠃     ᠰᠣᠶᠣᠯ ᠢᠶᠠᠨ ᠭᠤᠶᠤᠭᠰᠠᠨ ᠵᠠᠭᠤᠴᠢᠯᠠᠭᠤᠷ     ᠰᠠᠯᠵᠤ ᠪᠣᠯᠤᠰᠢ ᠦᠭᠡᠢ ᠷᠠᠳᠢᠣ᠋ ᠮᠢᠨᠢ     ᠰᠡᠳᠬᠢᠯ ᠵᠢᠷᠦᠬᠡᠨ ᠳᠤ ᠬᠤᠨᠣᠭᠰᠢᠬᠤ     ᠰᠣᠨᠣᠷ ᠢ ᠮᠢᠯᠢᠶᠠᠭᠰᠠᠨ ᠷᠠᠳᠢᠣ᠋ ᠮᠢᠨᠢ᠃     ᠠ ᠦᠰᠦᠭ ᠢ ᠲᠠᠨᠢᠭᠰᠠᠨ ᠴᠤ     ᠷᠠᠳᠢᠣ᠋ ᠪᠠᠨ ᠪᠢ ᠪᠠᠭᠰᠢ ᠭᠡᠵᠦ ᠬᠦᠨᠳᠦᠯᠡᠳᠡᠭ     ᠠᠵᠤ ᠠᠮᠢᠳᠤᠷᠠᠯ ᠮᠢᠨᠢ ᠰᠠᠶᠢᠵᠢᠷᠠᠭᠰᠠᠨ ᠴᠤ     ᠷᠠᠳᠢᠣ᠋ ᠪᠠᠨ ᠪᠢ ᠠᠴᠢᠲᠠᠨ ᠭᠡᠳᠡᠭ ᠶᠤᠮ᠃     ᠮᠣᠩᠭᠤᠯ ᠷᠠᠳᠢᠣ᠋ ᠮᠢᠨᠢ ᠰᠢᠲᠦᠭᠡᠨ     ᠮᠣᠩᠭᠤᠯ ᠰᠣᠶᠣᠯ ᠮᠢᠨᠢ ᠪᠠᠳᠠᠷᠠᠲᠤᠭᠠᠢ     ᠮᠠᠷᠭᠠᠰᠢ ᠶᠢᠨ ᠠᠯᠲᠠᠨ ᠨᠠᠷᠠᠨ ᠮᠡᠲᠦ     ᠮᠠᠨᠳᠤᠵᠤ ᠶᠠᠪᠤᠭᠠᠷᠠᠢ ᠷᠠᠳᠢᠣ᠋ ᠮᠢᠨᠢ᠃ 
ᠢᠷᠡᠯᠲᠡ᠄ ᠣᠷᠳᠣᠰ ᠮᠣᠩᠭᠤᠯ ᠰᠥᠯᠵᠢᠶ᠎ᠡ