ᠰᠡᠳᠭᠢᠯ ᠳᠤ ᠬᠤᠨᠤᠭᠰᠢᠭᠰᠠᠨ ᠵᠤᠨ ᠤ ᠠᠮᠠᠷᠠᠯᠳᠠ
ᠨᠡᠶᠢᠲᠡᠯᠡᠭᠰᠡᠨ ᠴᠠᠭ᠄
2023/8/29
       ᠵᠦᠢᠯ ᠤᠨ ᠴᠡᠴᠡᠭ ᠮᠢᠷᠠᠯᠵᠠᠨ ᠲᠡᠯᠬᠡᠷᠡᠵᠤ ᠵᠦᠬᠡᠢ ᠡᠷᠪᠡᠬᠡᠢ ᠡᠷᠬᠢᠯᠳᠤᠨ ᠪᠦᠵᠢᠭᠯᠡᠭᠰᠡᠨ ᠵᠤᠨ ᠤ ᠠᠮᠠᠷᠠᠯᠳᠠ ᠪᠠᠷ ᠪᠢ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠳᠤ ᠪᠠᠶᠢᠭ᠎ᠠ ᠨᠠᠭᠠᠴᠤ ᠡᠮᠡᠭᠡ ᠶᠢᠨ ᠳᠡᠭᠡᠨ ᠤᠴᠢᠵᠤ ᠰᠡᠨᠵᠢ ᠬᠠᠳᠠ ᠲᠠᠢ ᠦᠨᠳᠦᠷ ᠠᠭᠤᠯᠠ ᠶᠢ ᠠᠪᠠᠷᠢᠵᠤ ᠪᠠᠶᠢᠭᠠᠯᠢ ᠶᠢᠨ ᠭᠤᠶᠤ ᠰᠠᠶᠢᠬᠠᠨ ᠦᠵᠡᠮᠵᠢ ᠶᠢ ᠰᠤᠨᠢᠷᠬᠠᠯ᠎ᠠ᠃       ᠪᠢᠳᠡ ᠨᠠᠭᠠᠴᠤ ᠡᠮᠡᠭᠡ ᠶᠢᠨ ᠬᠡᠷ ᠠᠴᠠ ᠭᠠᠷᠴᠤ ᠮᠠᠰᠢᠨ ᠲᠡᠷᠭᠡ ᠪᠠᠷ ᠠᠷᠪᠠᠭᠠᠳ ᠭᠠᠵᠠᠷ ᠶᠠᠪᠤᠭᠠᠳ ᠠᠭᠤᠯᠠᠨ ᠲᠤᠤᠷ᠎ᠠ ᠤᠴᠢᠵᠤ ᠮᠠᠰᠢᠨ ᠲᠡᠷᠭᠡ ᠪᠠᠨ ᠵᠤᠭᠰᠤᠭᠠᠪᠠ᠃ ᠠᠭᠤᠯᠠᠨ ᠵᠠᠮ ᠨᠢ ᠬᠠᠳᠠ ᠲᠠᠢ ᠮᠦᠷᠳᠡᠭᠡᠨ ᠪᠠᠷᠳᠠᠭ᠎ᠠ ᠶᠡᠬᠡᠳᠡᠢ ᠲᠤᠯᠠ ᠪᠢᠳᠡ ᠠᠷᠭ᠎ᠠ ᠪᠤᠰᠤ ᠠᠭᠤᠯᠠ ᠦᠬᠡᠳᠡ ᠠᠯᠬᠤᠵᠤ ᠶᠠᠪᠤᠬᠤ ᠯᠠ ᠭᠡᠷᠡᠭᠳᠡᠢ ᠪᠤᠯᠵᠠᠢ᠃ ᠠᠬ᠎ᠠ ᠡᠴᠡᠩᠬᠢ ᠪᠦᠬᠡᠳ ᠪᠡᠶ᠎ᠡ ᠨᠢ ᠦᠨᠳᠦᠷ ᠪᠤᠯᠬᠤᠷ ᠨᠢᠭᠡᠳᠦᠭᠡᠷ ᠲᠤ ᠠᠭᠤᠯᠠᠨ ᠤᠷᠤᠢ ᠲᠡᠭᠡᠷ᠎ᠡ ᠭᠠᠷᠴᠢᠬᠠᠪᠠ᠃ ᠪᠢ ᠲᠠᠷᠠᠭ᠎ᠠ ᠨᠢ ᠭᠠᠷᠴᠤ ᠡᠬᠡᠴᠢ ᠬᠠᠮᠤᠭ ᠤᠨ ᠰᠡᠬᠦᠯ ᠳᠤᠨᠢ ᠭᠠᠷᠪᠠ᠃ ᠡᠪᠦᠳᠦᠭ ᠲᠠᠪᠠᠮ᠎ᠠ ᠢᠭᠴᠤ ᠰᠠᠬᠤᠯᠠᠭ ᠡᠪᠡᠰᠤ ᠤᠷᠭᠤᠭᠰᠠᠨ ᠪᠤᠯᠬᠤᠷ ᠠᠭᠤᠯᠠ ᠠᠪᠠᠷᠢᠬᠤ ᠳᠤ ᠬᠦᠴᠢᠷ ᠪᠠᠶᠢᠪᠠ᠃ ᠪᠢᠳᠡ ᠲᠡᠨᠳᠡ ᠠᠴᠠ ᠵᠢᠭᠠᠬᠠᠨ ᠴᠠᠭᠠᠰᠢ ᠶᠠᠪᠤᠬᠤ ᠳᠤ ᠨᠢᠭᠡ  ᠪᠦᠯᠦᠭ ᠵᠢᠮᠢᠰ ᠤᠨ ᠮᠤᠳᠤ ᠲᠠᠭᠠᠷᠠᠯᠳᠤᠪᠠ᠃ ᠡᠵᠢ ᠪᠢᠳᠡ ᠬᠤᠶᠠᠷ ᠪᠤᠯᠪᠠᠰᠤᠷᠠᠭᠰᠠᠨ ᠵᠢᠮᠢᠰ ᠢ ᠪᠤᠭᠴᠤ ᠲᠦᠬᠦᠷᠳᠡᠯ᠎ᠡ ᠲᠡᠬᠦᠵᠤ ᠠᠪᠤᠭᠠᠳ ᠦᠷᠬᠦᠯᠵᠢᠯᠡᠨ ᠵᠠᠮ ᠢᠶᠠᠨ ᠬᠦᠬᠡᠬᠡᠯ᠎ᠡ᠃ ᠠᠭᠤᠯᠠᠨ ᠤᠷᠤᠢ ᠳᠤ ᠭᠠᠷᠪᠠᠯ ᠪᠦᠳᠦᠬᠦᠨ ᠰᠡᠨᠵᠢᠳᠡᠢ ᠬᠠᠳᠠ ᠲᠠᠭᠠᠷᠠᠯᠳᠤᠪᠠ᠃ ᠡᠵᠢ᠄ ︽ᠡᠨᠡ ᠬᠠᠳᠠ ᠶᠢ ᠴᠢᠩᠬᠢᠰ ᠬᠠᠭᠠᠨ ᠨᠤᠮᠤ ᠰᠤᠮᠤ ᠪᠠᠷ ᠬᠠᠷᠪᠤᠭᠠᠳ ᠨᠦᠭᠡᠯᠡᠵᠤ ᠰᠡᠨᠵᠢᠳᠡᠢ ᠪᠤᠯᠭᠠᠭᠰᠠᠨ ᠭᠡᠳᠡᠭ ᠲᠤᠮᠤᠭ ᠪᠠᠶᠢᠳᠠᠭ ᠶᠤᠮ︾ ᠭᠡᠵᠤ ᠪᠢᠳᠠᠨ ᠳᠤ ᠶᠠᠷᠢᠵᠤ ᠦᠭᠪᠡ᠃ ᠬᠠᠵᠠᠭᠤ ᠪᠠᠷ ᠨᠢ ᠴᠡᠴᠡᠭ ᠬᠤᠸᠠᠷ ᠦᠩᠭᠡ ᠪᠤᠯᠢᠶᠠᠯᠳᠤᠨ ᠲᠡᠯᠭᠡᠷᠡᠵᠤ᠂ ᠤᠷᠤᠢ ᠪᠠᠷ ᠨᠢ ᠪᠦᠷᠬᠦᠳ ᠰᠢᠪᠠᠭᠤ ᠡᠯᠢᠨ ᠬᠠᠯᠢᠨ ᠨᠢᠰᠴᠤ ᠪᠠᠶᠢᠯ᠎ᠠ᠃ ᠡᠵᠢ ᠰᠡᠬᠦᠳᠡᠷᠯᠡᠬᠦ ᠮᠠᠰᠢᠨ ᠢᠶᠠᠨ ᠭᠠᠷᠭᠠᠵᠤ ᠲᠤᠮᠤᠭ ᠲᠤ ᠭᠠᠷᠳᠠᠭ ᠭᠠᠵᠠᠷ ᠤᠨ ᠦᠨᠴᠦᠭ ᠪᠤᠯᠭᠠᠨ ᠢ ᠰᠡᠭᠦᠳᠡᠷᠯᠡᠵᠤ ᠪᠠᠶᠢᠪᠠ᠃ ᠪᠢᠳᠡ ᠪᠠᠰᠠ ᠤᠯᠠᠨ ᠰᠠᠶᠢᠬᠠᠨ ᠵᠢᠷᠤᠭ ᠰᠡᠬᠦᠳᠡᠷ ᠲᠠᠳᠠᠵᠤ ᠠᠭᠤᠯᠠᠨ ᠠᠴᠠ ᠪᠠᠭᠤᠬᠤ ᠳᠤ ᠨᠠᠷᠠ ᠴᠤ ᠠᠭᠤᠯᠠᠨ ᠴᠠᠭᠠᠭᠤᠷ ᠵᠢᠷᠭᠠᠪᠠ᠃       ᠪᠢ ᠡᠨᠡ ᠵᠤᠨ ᠨᠠᠭᠠᠴᠤ ᠡᠮᠡᠭᠡ ᠶᠢᠨ ᠳᠡᠭᠡᠨ ᠤᠴᠢᠭᠠᠳ ᠤᠩᠭᠤᠨ ᠰᠠᠶᠢᠬᠠᠨ ᠪᠠᠶᠢᠭᠠᠯᠢ ᠲᠠᠢ ᠭᠠᠵᠠᠷ ᠢᠶᠠᠷ ᠨᠠᠭᠠᠳᠤᠨ ᠴᠠᠩᠬᠡᠨ ᠶᠠᠪᠤᠬᠤ ᠳᠠᠭᠠᠨ ᠡᠨᠡ ᠨᠤᠳᠤᠭ ᠤᠨ ᠬᠦᠮᠦᠨ ᠠᠷᠠᠳ ᠨᠢ ᠪᠠᠶᠢᠭᠠᠯᠢ ᠲᠡᠯᠡᠬᠡᠢ ᠪᠠᠨ ᠶᠠᠭᠠᠬᠢᠵᠤ ᠡᠷᠬᠢᠮᠨᠡᠵᠤ ᠬᠠᠶᠢᠷᠠᠯᠠᠳᠠᠭ ᠢ ᠮᠡᠳᠡᠭᠰᠡᠨ᠃ ᠦᠷᠡᠰ ᠨᠢ ᠪᠤᠯᠤᠭᠰᠠᠨ ᠪᠢᠳᠡ ᠴᠤ ᠠᠭᠤᠯᠠ ᠤᠰᠤ ᠂ ᠤᠷᠭᠤᠮᠠᠯ ᠠᠮᠢᠳᠠᠨ᠂ ᠡᠬᠡ ᠪᠠᠶᠢᠭᠠᠯᠢ ᠪᠠᠨ ᠨᠡᠩ ᠢᠯᠡᠭᠦᠦ ᠬᠠᠮᠠᠭᠠᠯᠠᠵᠤ ᠶᠠᠪᠤᠬᠤ ᠬᠡᠷᠡᠭᠳᠡᠢ ᠶᠤᠮ ᠪᠠᠶᠢᠨ᠎ᠠ ᠬᠡᠵᠤ ᠤᠬᠠᠯ᠎ᠠ᠃ 
ᠢᠷᠡᠯᠲᠡ᠄ ᠤᠷᠳᠤᠰ ᠤᠨ ᠡᠳᠤᠷ ᠤᠨ ᠰᠤᠨᠢᠨ