ᠮᠠᠩᠨᠠᠢ ᠨᠠᠭᠤᠷ
ᠨᠡᠶᠢᠲᠡᠯᠡᠭᠰᠡᠨ ᠴᠠᠭ᠄
2023/8/2
      ᠰᠢᠬᠢᠷ ᠰᠢᠭ ᠠᠮᠲᠠᠲᠤ ᠲᠠᠪᠤᠰᠤ ᠲᠠᠢ ᠪᠠᠶᠢᠭᠰᠠᠨ     ᠰᠠᠷᠠ ᠲᠤᠨᠤᠷᠠᠭᠰᠠᠨ ︽ᠵᠢᠰᠥ︾ ᠲᠠᠢ ᠪᠠᠶᠢᠭᠰᠠᠨ     ᠰᠢᠳᠢ ᠤᠷᠤᠰᠢᠭᠰᠠᠨ ᠰᠥᠮ᠎ᠡ ᠲᠠᠢ ᠪᠠᠶᠢᠭᠰᠠᠨ     ᠰᠡᠩ ᠰᠡᠩᠭᠢᠨᠡᠭᠰᠡᠨ ᠳᠠᠬᠢᠯᠭ᠎ᠠ ᠲᠠᠢ ᠪᠠᠶᠢᠭᠰᠠᠨ     ᠤᠩᠭᠤᠨ ᠴᠡᠮᠴᠡᠭᠡᠷ ︽ᠭᠡᠤᠬᠡᠨ︾ ᠰᠢᠭ ᠪᠠᠶᠢᠭᠰᠠᠨ     ᠣᠲᠤᠳ ᠭᠢᠯᠠᠯᠵᠠᠭᠰᠠᠨ ᠲᠣᠯᠢ ᠰᠢᠭ ᠪᠠᠶᠢᠭᠰᠠᠨ     ᠤᠭᠲᠠᠷᠭᠤᠢ ᠰᠢᠷᠲᠡᠭᠰᠡᠨ ᠮᠡᠯᠮᠡᠢ ᠰᠢᠭ ᠪᠠᠶᠢᠭᠰᠠᠨ     ᠤᠷᠠᠨ ᠰᠢᠪᠠᠭᠤᠳ ᠤᠨ ᠶᠢᠷᠳᠢᠨᠴᠤ ᠪᠠᠶᠢᠭᠰᠠᠨ ᠡ     ᠴᠡᠩᠬᠡᠷ ᠮᠥᠷᠡᠨ ᠰᠢᠭ ᠳᠠᠪᠠᠯᠭᠠᠨ ᠲᠠᠢ ᠪᠠᠶᠢᠭᠰᠠᠨ     ᠴᠡᠴᠡᠭ ᠮᠢᠷᠠᠯᠵᠠᠭᠰᠠᠨ ᠡᠮᠵᠢᠶᠡᠷᠢ ᠲᠠᠢ ᠪᠠᠶᠢᠭᠰᠠᠨ     ᠴᠠᠭᠠᠨ ︽ᠠᠯᠲᠠᠨ︾ ᠭᠠᠷᠤᠯᠲᠠ ᠲᠠᠢ ᠪᠠᠶᠢᠭᠰᠠᠨ     ᠴᠡᠭᠡ ᠬᠠᠩᠬᠤᠯᠤᠭᠰᠠᠨ ᠡᠵᠡᠳ ᠲᠠᠢ ᠪᠠᠶᠢᠭᠰᠠᠨ ᠡ     ᠰᠦ ᠲᠠᠢ ᠪᠤᠷᠬᠠᠨ ︽ᠡᠵᠢ︾ ᠶᠤᠮ ᠡ᠂ ᠮᠠᠩᠨᠠᠢ ᠨᠠᠭᠤᠷ     ᠰᠥᠰᠥᠭᠯᠡᠵᠥ ᠮᠥᠷᠭᠦᠬᠦ ᠰᠢᠲᠥᠭᠡᠨ ᠶᠤᠮ ᠡ᠂ ᠮᠠᠩᠨᠠᠢ ᠨᠠᠭᠤᠷ     ᠰᠥᠯᠲᠡ ᠮᠠᠨᠲᠤᠭᠰᠠᠨ ᠨᠤᠲᠤᠭ ᠶᠤᠮ ᠡ᠂ ᠮᠠᠩᠨᠠᠢ ᠨᠠᠭᠤᠷ     ᠰᠢᠯᠥᠭ ᠳᠠᠭᠤᠤ ᠶᠢᠨ ᠤᠶᠠᠩᠭ᠎ᠠ ᠲᠠᠢ ᠶᠤᠮ ᠡ᠂ ᠮᠠᠩᠨᠠᠢ ᠨᠠᠭᠤᠷ     ᠠᠷᠢᠭᠤᠨ ᠷᠠᠰᠢᠶᠠᠨ ᠤ ᠤᠨᠲᠤᠷᠤᠯ ᠲᠠᠢ ᠶᠤᠮ ᠡ᠂ ᠮᠠᠩᠨᠠᠢ ᠨᠠᠭᠤᠷ     ᠠᠷᠪᠠᠨ ᠭᠤᠷᠪᠠᠨ ︽ᠬᠠᠲᠤᠨ︾ ᠲᠠᠢ ᠶᠤᠮ ᠡ᠂ ᠮᠠᠩᠨᠠᠢ ᠨᠠᠭᠤᠷ     ᠠᠲᠤᠭᠤ ᠮᠠᠯ ᠤᠨ ᠪᠤᠶᠠᠨ ᠬᠡᠰᠢᠭ ᠲᠠᠢ ᠶᠤᠮ ᠡ᠂ ᠮᠠᠩᠨᠠᠢ ᠨᠠᠭᠤᠷ     ᠠᠪᠤᠷᠠᠭᠴᠢ ᠰᠠᠬᠢᠭᠤᠰᠤᠨ ᠤ ᠷᠢᠳᠢ ᠲᠠᠢ ᠶᠤᠮ ᠡ᠂ ᠮᠠᠩᠨᠠᠢ ᠨᠠᠭᠤᠷ     ᠲᠠᠪᠤᠨ ᠬᠡᠶᠢᠳ ᠤᠨ ᠭᠥᠷᠢᠮ ᠲᠠᠢ ᠶᠤᠮ᠂ ᠮᠠᠩᠨᠠᠢ ᠨᠠᠭᠤᠷ ᠮᠢᠨᠢ     ᠲᠠᠷᠠᠭ ᠠᠶᠢᠷᠠᠭ ᠤᠨ ᠰᠠᠴᠤᠯᠭ᠎ᠠ ᠲᠠᠢ ᠶᠤᠮ᠂ ᠮᠠᠩᠨᠠᠢ ᠨᠠᠭᠤᠷ ᠮᠢᠨᠢ     ᠲᠠᠩᠰᠤᠭ ᠢᠳᠡᠭᠡᠨ ᠤ ᠡᠷᠭᠦᠯ ᠲᠠᠢ ᠶᠤᠮ᠂ ᠮᠠᠩᠨᠠᠢ ᠨᠠᠭᠤᠷ ᠮᠢᠨᠢ     ᠲᠠᠶᠠᠭᠠᠷ ᠢ ᠲᠡᠳᠬᠦᠭᠦ ᠥᠭᠯᠢᠭᠡ ᠲᠠᠢ ᠶᠤᠮ᠂ ᠮᠠᠩᠨᠠᠢ ᠨᠠᠭᠤᠷ ᠮᠢᠨᠢ᠃
ᠢᠷᠡᠯᠲᠡ᠄ ᠣᠷᠳᠣᠰ ᠮᠣᠩᠭᠤᠯ ᠰᠥᠯᠵᠢᠶ᠎ᠡ