ᠨᠡᠭᠦᠳᠡᠯ ᠤᠨ ᠴᠦᠷᠭᠡᠯᠡᠭᠡ ᠲᠠᠢ ᠠᠮᠢᠳᠤᠷᠠᠯ
ᠨᠡᠶᠢᠲᠡᠯᠡᠭᠰᠡᠨ ᠴᠠᠭ᠄
2023/7/25
       ᠮᠤᠩᠭᠤᠯᠴᠤᠳ ᠪᠤᠯ ᠡᠷᠳᠡ ᠲᠡᠭᠡᠳᠤ ᠠᠴᠠ ᠪᠠᠨ ᠡᠪᠡᠰᠤᠨ ᠤ ᠰᠤᠷᠭᠤᠭ᠂ ᠤᠰᠤᠨ ᠤ ᠲᠤᠩᠭᠠᠯᠠᠭ ᠢ ᠲᠠᠭᠠᠨ ᠡᠪᠤᠯᠵᠢᠶ᠎ᠠ᠂ ᠬᠠᠪᠤᠷᠵᠢᠶ᠎ᠠ᠂ ᠨᠠᠮᠤᠷᠵᠢᠶ᠎ᠠ ᠪᠠ ᠵᠤᠰᠠᠯᠠᠩ ᠭᠡᠵᠤ ᠲᠦᠷᠪᠡᠨ ᠤᠯᠠᠷᠢᠯ ᠢᠶᠠᠷ ᠨᠡᠭᠦᠵᠤ ᠪᠠᠭᠤᠨ ᠤᠳᠤᠷᠯᠠᠵᠤ᠂ ᠮᠠᠯᠵᠢᠬᠤ ᠳᠠᠭᠠᠨ ᠲᠤᠬᠢᠷᠠᠮᠵᠢᠳᠠᠢ ᠭᠠᠵᠠᠷ ᠢ ᠰᠤᠩᠭᠤᠨ ᠠᠮᠢᠳᠤᠷᠠᠳᠠᠭ ᠦᠨᠳᠤᠰᠤᠳᠡᠨ ᠪᠢᠯᠡ᠃ ᠲᠡᠳᠡ ᠪᠤᠯ ᠨᠤᠳᠤᠭ ᠤᠰᠤ ᠪᠠᠨ ᠨᠢᠳᠤᠨ ᠤ ᠪᠠᠨ ᠴᠡᠴᠡᠭᠡᠢ ᠰᠢᠭ ᠬᠠᠶᠢᠷᠠᠯᠠᠨ ᠬᠠᠮᠠᠭᠠᠯᠠᠵᠤ᠂ ᠡᠭᠡ ᠪᠠᠶᠢᠭᠠᠯᠢ ᠶᠢᠨ ᠭᠤᠸ᠎ᠠ ᠦᠵᠡᠰᠭᠦᠯᠡᠩ ᠲᠦᠷᠢ ᠲᠦᠷᠭᠦ ᠶᠢ ᠲᠡᠭᠡᠳᠤᠯᠡᠨ ᠶᠠᠪᠤᠬᠤ ᠶᠢ ᠶᠡᠭᠡᠳᠡ ᠡᠷᠬᠢᠮᠯᠡᠳᠡᠭ ᠨᠡᠭᠦᠳᠡᠯ ᠤᠨ ᠪᠤᠯᠪᠠᠰᠤᠨ ᠰᠤᠶᠤᠯ ᠲᠠᠢ ᠠᠷᠠᠳ ᠲᠦᠮᠡᠨ᠃       ᠬᠦᠳᠡᠭᠡ ᠠᠴᠠ ᠬᠤᠳᠠ ᠵᠦᠭ ᠨᠡᠭᠦᠭᠰᠡᠳ᠂ ᠠᠵᠢᠯ ᠠᠮᠢᠳᠤᠷᠠᠯ ᠤᠨ ᠡᠷᠭᠡ ᠪᠠᠷ ᠬᠤᠳᠠ ᠭᠡᠮᠡᠷ ᠰᠠᠭᠤᠷᠢᠨ ᠢᠷᠭᠡᠨᠰᠢᠯ ᠠᠮᠢᠳᠤᠷᠠᠯ ᠳᠤ ᠪᠠᠶᠢᠭ᠎ᠠ ᠪᠢᠳᠠ ᠨᠡᠭᠦᠳᠡᠯ ᠮᠠᠯᠵᠢᠯ ᠤᠨ ᠰᠤᠶᠤᠯ ᠢ ᠢᠯᠡᠭᠦᠦ ᠰᠤᠷᠤᠯᠴᠠᠪᠠᠯ ᠵᠤᠬᠢᠰᠳᠠᠢ᠃ ᠨᠡᠭᠦᠳᠡᠯ ᠮᠠᠯᠵᠢᠯ ᠤᠨ ᠪᠤᠯᠪᠠᠰᠤᠨ ᠰᠤᠶᠤᠯ ᠢ ᠵᠦᠪᠭᠡᠨ ᠲᠦᠷᠪᠡᠨ ᠤᠯᠠᠷᠢᠯ ᠢᠶᠠᠷ ᠪᠠᠶᠢᠷᠢ ᠰᠡᠯᠭᠦᠳᠡᠭ ᠠᠮᠢᠳᠤᠷᠠᠯ ᠤᠨ ᠭᠡᠯᠪᠡᠷᠢ ᠭᠡᠵᠤ ᠦᠵᠡᠪᠡᠯ ᠪᠤᠷᠤᠭᠤᠳᠠᠨ᠎ᠠ᠃ ᠨᠡᠭᠦᠳᠡᠯ ᠮᠠᠯᠵᠢᠯ ᠤᠨ ᠰᠤᠶᠤᠯ ᠪᠤᠯ ᠬᠦᠮᠤᠨ ᠤᠬᠠᠭᠠᠨ ᠢᠶᠠᠷ ᠢᠶᠠᠨ᠂ ᠤᠬᠠᠭᠠᠷᠠᠯ ᠰᠡᠭᠡᠭᠡᠷᠡᠯ ᠢᠶᠠᠷ ᠢᠶᠠᠨ᠂ ᠡᠨᠡᠷᠢᠯ ᠢᠶᠠᠷ ᠢᠶᠠᠨ᠂ ᠭᠡᠭᠡᠷᠡᠯ ᠢᠶᠠᠷ ᠢᠶᠠᠨ ᠠᠮᠢᠳᠤᠷᠠᠬᠰᠠᠨ ᠰᠤᠶᠤᠯ ᠮᠦᠨ᠃ ᠲᠦᠷᠪᠡᠨ ᠤᠯᠠᠷᠢᠯ ᠢᠶᠠᠷ ᠨᠡᠭᠦᠳᠡᠯᠯᠡᠨ ᠮᠠᠯᠵᠢᠵᠤ ᠤᠳᠤᠷ ᠶᠠᠪᠤᠳᠠᠭ ᠨᠢ ᠲᠠᠪᠤᠨ ᠬᠤᠰᠢᠭᠤ ᠮᠠᠯ ᠢ ᠪᠠᠶᠢᠭᠠᠯᠢ ᠶᠢᠨ ᠨᠦᠬᠦᠴᠡᠯ ᠳᠤ ᠲᠤᠬᠢᠷᠠᠭᠤᠯᠤᠨ ᠠᠷᠠᠴᠢᠯᠠᠨ ᠮᠠᠯᠵᠢᠬᠤ ᠶᠢᠨ ᠲᠦᠯᠤᠭᠡ ᠶᠤᠮ᠃ ᠮᠦᠨ ᠴᠤ ᠬᠦᠮᠤᠨ᠂ ᠪᠠᠶᠢᠭᠠᠯᠢ᠂ ᠠᠮᠢ ᠠᠬᠤᠢ᠂ ᠤᠷᠴᠢᠨ ᠲᠤᠭᠤᠷᠢᠨ᠂ ᠠᠮᠢᠳᠠᠨ ᠭᠤᠤᠯᠳᠠᠨ᠂ ᠤᠷᠭᠤᠮᠠᠯ ᠪᠤᠳᠠᠰ ᠵᠡᠷᠭᠡ ᠶᠢᠨ ᠲᠡᠩᠴᠡᠭᠦᠷᠢ ᠶᠢ ᠪᠠᠳᠤᠯᠠᠬᠤ ᠵᠤᠷᠢᠯᠭ᠎ᠠ ᠲᠠᠢ ᠶᠤᠮ᠃       ᠪᠦᠮᠪᠤᠷᠴᠡᠭ ᠤᠨ ᠲᠤᠯᠠᠭᠠᠷᠠᠯᠳᠠ᠂ ᠪᠠᠶᠢᠭᠠᠯᠢ ᠶᠢᠨ ᠡᠪᠳᠡᠭᠳᠡᠯ᠂ ᠴᠠᠭ ᠠᠭᠠᠷ ᠤᠨ ᠬᠤᠪᠢᠷᠠᠯᠳᠠ᠂ ᠠᠭᠤᠷᠬᠠᠢ ᠶᠢᠨ ᠴᠦᠯᠪᠡᠯᠳᠡ᠂ ᠪᠤᠳᠠᠰ ᠤᠨ ᠪᠦᠷᠢᠯᠭᠡᠯ᠂ ᠠᠮᠢ ᠶᠢᠨ ᠬᠤᠷᠤᠭᠠᠯᠳᠠ᠂ ᠭᠠᠵᠠᠷ ᠬᠦᠳᠡᠯᠤᠯᠳᠡ᠂ ᠦᠶᠠᠷ ᠤᠰᠤᠨ᠂ ᠭᠠᠯ ᠤᠨ ᠭᠠᠮᠰᠢᠭ᠂ ᠬᠢᠵᠢᠭ ᠡᠪᠡᠳᠴᠢᠨ ᠁ ᠠᠯᠢ ᠪᠦᠭᠦᠨ ᠨᠢ ᠪᠢᠳᠠᠨ ᠳᠤ ᠶᠠᠭᠤ ᠨᠢᠭᠡ ᠶᠢ ᠰᠠᠨᠠᠭᠤᠯᠵᠤ ᠪᠤᠢ ᠭᠡᠮᠡᠷ ᠡ᠃ ᠠᠮᠠᠷᠠᠯᠳᠠ ᠪᠤᠶᠤ ᠭᠠᠷᠠᠭ ᠤᠨ ᠰᠡᠭᠦᠯᠴᠢ ᠪᠠᠷ ᠨᠤᠳᠤᠭ ᠢᠶᠠᠨ ᠵᠤᠷᠢᠵᠤ ᠬᠦᠷᠭᠦ ᠳᠤ᠂ ᠲᠦᠷᠦᠵᠤ ᠦᠰᠦᠭᠰᠡᠨ ᠨᠤᠳᠤᠭ ᠤᠨ ᠮᠢᠨᠢ ᠰᠠᠯᠬᠢ ᠬᠠᠴᠠᠷ ᠢ ᠮᠢᠨᠢ ᠢᠯᠪᠢᠵᠤ᠂ ᠵᠦᠢᠯ ᠤᠨ ᠰᠢᠪᠠᠭᠤᠳ ᠤᠨ ᠵᠢᠷᠬᠢᠭᠡ ᠰᠤᠨᠤᠷ ᠢ ᠮᠢᠨᠢ ᠮᠢᠯᠢᠶᠠᠵᠤ᠂ ᠬᠦᠳᠡᠭᠡ ᠶᠢᠨ ᠦᠨᠤᠷ ᠭᠡᠵᠤ ᠠᠰᠳᠠᠭᠠᠨ ᠨᠢᠭᠡᠨ ᠦᠨᠤᠷ ᠴᠡᠭᠡᠵᠢ ᠶᠢ ᠠᠭᠤᠵᠢᠷᠠᠭᠤᠯᠤᠨ ᠰᠡᠳᠬᠢᠯ ᠳᠤ ᠨᠢᠭᠡ ᠯᠡ ᠲᠠᠭᠠᠳᠠᠢ᠃ ᠭᠡᠪᠡᠴᠤ ᠡ᠊ᠨᠳᠡ ᠲᠡᠨᠳᠡ ᠦᠭᠡᠢ ᠬᠠᠷᠠᠭᠳᠠᠬᠤ ᠦᠢᠯᠡᠳᠪᠤᠷᠢ ᠠᠭᠤᠷᠬᠠᠢ᠂ ᠬᠤᠯᠤᠭᠠᠨ᠎ᠠ ᠶᠢᠨ ᠨᠦᠭᠡ ᠠᠴᠠ ᠴᠤ ᠠᠷᠪᠢᠨ ᠰᠢᠳᠠᠮᠠᠬᠠᠢ ᠭᠡᠢ ᠶᠢᠨ ᠬᠤᠳᠳᠤᠭ᠂ ᠪᠤᠯᠠᠩᠬᠢᠷᠳᠤᠭᠰᠠᠨ ᠨᠠᠭᠤᠷ ᠪᠦᠷᠢᠳᠤ᠂ ᠰᠢᠷᠤᠢ ᠮᠠᠯᠳᠠᠬᠤ ᠮᠠᠰᠢᠨ ᠢᠶᠠᠷ ᠤᠷᠠᠭᠤᠯᠵᠤ ᠮᠠᠯᠳᠠᠭᠤᠯᠤᠭᠰᠠᠨ ᠡ᠊ᠡᠭᠬᠤᠯ ᠲᠤᠩᠬᠤᠯ ᠭᠠᠵᠠᠷ ᠢ ᠬᠠᠷᠠᠭᠠᠳ ᠰᠡᠳᠬᠢᠯ ᠮᠢᠨᠢ ᠡᠮᠵᠡᠭᠯᠡᠭᠦ ᠶᠤᠮ᠃        ᠪᠢ ᠪᠤᠷᠭᠠᠰᠤᠨ ᠮᠤᠷᠢ ᠵᠠᠶᠢᠳᠠᠯᠠᠵᠤ ᠬᠤᠷᠠᠭ᠎ᠠ ᠢᠰᠢᠭᠡ ᠬᠠᠷᠢᠭᠤᠯᠵᠤ᠂ ᠡᠭᠡ ᠨᠤᠳᠤᠭ ᠤᠨ ᠢᠶᠠᠨ ᠦᠷᠤᠴᠡᠨ ᠳᠤ ᠲᠠᠪᠠ ᠪᠠᠷ ᠢᠶᠠᠨ ᠬᠦᠶᠤᠵᠤ ᠪᠠᠶᠢᠭᠰᠠᠨ ᠪᠠᠭ᠎ᠠ ᠶᠢᠨ ᠦᠶ᠎ᠠ ᠪᠠᠨ ᠲᠤᠷᠠᠰᠬᠤ ᠲᠤᠷᠠᠳᠠᠢ᠃ ᠦᠨᠳᠤᠷ ᠮᠠᠩᠬᠠᠨ ᠤ ᠤᠷᠤᠢ ᠳᠤ ᠭᠠᠷᠤᠭᠠᠳ ᠬᠤᠯᠠ ᠶᠢ ᠪᠠᠷᠠᠯᠠᠬᠤ ᠳᠤ ᠴᠡᠪᠡᠷ ᠲᠤᠩᠭᠠᠯᠠᠭ ᠨᠠᠭᠤᠷ ᠪᠦᠷᠢᠳᠤ᠂ ᠨᠤᠮᠢᠨ ᠨᠤᠭᠤᠭᠠᠨ ᠤᠢ ᠮᠤᠳᠤᠳ᠂ ᠴᠠᠶᠢᠳᠠᠮ ᠬᠦᠨᠳᠠᠢ ᠳᠤ ᠠᠯᠠᠭᠰᠢᠨ ᠪᠡᠯᠴᠢᠭᠰᠡᠨ ᠲᠠᠪᠤᠨ ᠬᠤᠰᠢᠭᠤ ᠮᠠᠯ ᠬᠠᠷᠠᠭᠠᠨ ᠳᠤ ᠲᠤᠳᠤᠷᠠᠵᠤ ᠰᠡᠳᠬᠢᠯ ᠢ ᠴᠠᠳᠬᠠᠵᠤ ᠪᠠᠶᠢᠭᠰᠠᠨ ᠶᠤᠮ ᠡ᠃ ᠮᠠᠨ ᠤ ᠬᠢᠨ ᠬᠠᠪᠤᠷᠵᠢᠶ᠎ᠠ᠂ ᠨᠠᠮᠤᠷᠵᠢᠶ᠎ᠠ᠂ ᠡᠪᠤᠯᠵᠢᠶ᠎ᠠ ᠭᠡᠵᠤ ᠶᠠᠪᠤᠳᠠᠭ ᠦᠭᠡᠢ ᠴᠤ ᠵᠤᠰᠠᠯᠠᠩ ᠭᠡᠵᠤ ᠪᠠᠶᠢᠭᠰᠠᠨ ᠶᠤᠮ᠃ ᠰᠤᠪᠠᠢ ᠮᠠᠯ ᠤᠳ ᠢᠶᠠᠨ ᠠᠪᠴᠤ ᠵᠤᠰᠠᠯᠠᠩ ᠳᠠᠭᠠᠨ ᠭᠠᠷᠳᠠᠭ᠃ ᠵᠤᠰᠠᠯᠠᠩ ᠳᠤ ᠭᠠᠷᠬᠤ ᠴᠠᠭ ᠨᠢ ᠠᠮᠠᠷᠠᠯᠳᠠ ᠶᠢᠨ ᠬᠤᠭᠤᠴᠠᠭ᠎ᠠ ᠲᠠᠭᠠᠷᠠᠳᠠᠭ ᠪᠠᠶᠢᠭᠰᠠᠨ ᠪᠤᠯᠬᠤᠷ ᠡᠭᠡᠴᠢ ᠲᠡᠭᠦᠦ ᠪᠢᠳᠠ ᠭᠡᠳᠤᠭᠦᠯᠡ ᠪᠠᠨ ᠯᠠ ᠵᠤᠰᠠᠯᠠᠩ ᠳᠤ ᠶᠠᠪᠤᠳᠠᠭ᠃ ᠵᠤᠰᠠᠯᠠᠩ ᠤᠨ ᠤᠳᠤᠷ ᠤᠨ ᠭᠡᠷ ᠭᠡᠵᠤ ᠪᠤᠷᠭᠠᠰᠤ ᠪᠠᠷ ᠬᠦᠷᠤᠵᠤ ᠭᠠᠳᠠᠨᠠᠬᠢ ᠶᠢ ᠨᠢ ᠰᠢᠪᠠᠷ ᠢᠶᠠᠷ ᠰᠢᠪᠠᠭᠰᠠᠨ ᠲᠤᠭᠤᠢ ᠵᠢᠭᠠᠬᠠᠨ ᠰᠢᠪᠠᠷ ᠭᠡᠷ ᠪᠠᠶᠢᠭᠰᠠᠨ᠂ ᠤᠷᠤ ᠲᠡᠯᠭᠡᠭᠡᠰᠢ ᠭᠡᠵᠤ ᠪᠠᠰᠠ ᠲᠦᠭᠦᠮᠭᠡᠨ᠂ ᠵᠦᠪᠭᠡᠨ ᠦᠳᠡᠯᠡᠭᠦ ᠪᠤᠶᠤ ᠪᠤᠷᠤᠭ᠎ᠠ ᠤᠷᠤᠬᠤ ᠥᠶ᠎ᠡ ᠳᠤ ᠯᠠ ᠡᠨᠡ ᠭᠡᠷ ᠲᠡᠭᠡᠨ ᠢᠷᠡᠳᠡᠭ᠃ ᠵᠠᠷᠢᠮ ᠳᠠᠭᠠᠨ ᠦᠳᠡᠯᠡᠭᠡᠳ ᠭᠠᠷᠪᠠᠯ ᠮᠤᠳᠤ ᠪᠤᠷᠭᠠᠰᠤᠨ ᠤ ᠰᠡᠭᠦᠳᠡᠷ ᠲᠤᠤᠷ᠎ᠠ ᠤᠴᠢᠭᠠᠳ ᠨᠡᠭᠦᠭᠦ ᠡᠭᠦᠯᠡ ᠶᠢ ᠬᠠᠷᠠᠵᠤ ᠭᠡᠪᠳᠡᠵᠤ ᠪᠠᠶᠢᠭᠠᠳ ᠤᠨᠳᠠᠴᠢᠬᠠᠳᠠᠭ ᠶᠤᠮ᠃ ᠭᠡᠷᠡᠭᠰᠡᠯ ᠭᠡᠵᠤ ᠪᠠᠭ᠎ᠠ ᠰᠢᠬ ᠤᠰᠤᠨ ᠰᠠᠪᠠ᠂ ᠭᠡᠳᠤᠨ ᠠᠶᠠᠭ᠎ᠠ ᠰᠠᠪᠬ᠎ᠠ᠂ ᠨᠠᠩᠬᠤ ᠵᠡᠷᠭᠡ ᠶᠢ ᠯᠠ ᠪᠡᠯᠡᠳᠭᠡᠵᠤ᠂ ᠤᠤᠭᠤᠬᠤ ᠤᠰᠤ ᠪᠠᠨ ᠵᠠᠳᠠᠭᠠᠢ ᠠᠴᠠ ᠠᠪᠴᠢᠷᠠᠨ᠎ᠠ᠂ ᠡᠳ᠋ᠯᠡᠯ ᠭᠡᠷᠡᠭᠯᠡᠯ ᠤᠨ ᠵᠦᠢᠯ ᠴᠦᠭᠡᠭᠡᠨ ᠪᠤᠯᠬᠤᠷ ᠤᠳᠤᠷ ᠤᠨ ᠭᠡᠷ ᠢ ᠴᠡᠪᠡᠷᠯᠡᠨ᠎ᠡ ᠭᠡᠵᠤ ᠦᠢᠯᠠ ᠪᠠᠷᠬᠠᠤ ᠦᠭᠡᠢ ᠠᠮᠠᠷᠬᠠᠨ᠃ ᠬᠠᠭᠠᠷᠢᠭᠰᠠᠨ ᠪᠤᠤᠪᠤ᠂ ᠠᠶᠢᠷᠠᠭ ᠰᠦ᠂ ᠦᠷᠤᠮ᠎ᠠ ᠴᠦᠷᠮ᠎ᠡ᠂ ᠠᠮᠤ᠂ ᠴᠦᠴᠤᠭᠡᠢ᠂ ᠴᠢᠨᠠᠭᠰᠠᠨ ᠮᠢᠬ᠎ᠠ ᠪᠠᠷ ᠯᠠ ᠭᠤᠤᠯ ᠬᠤᠭᠤᠯᠠ ᠪᠠᠨ ᠪᠤᠯᠭᠠᠵᠤ ᠪᠠᠶᠢᠭᠰᠠᠨ᠃ ᠠᠶᠢᠷᠠᠭ ᠲᠠᠢ ᠠᠮᠤ ᠪᠠᠨ ᠭᠡᠭᠡᠷ᠎ᠠ ᠭᠠᠳᠠᠨ᠎ᠠ ᠢᠳᠡᠭᠦ ᠳᠤ ᠪᠤᠷᠭᠠᠰᠤ ᠪᠠᠷ ᠰᠠᠪᠬ᠎ᠠ ᠬᠢᠨ᠎ᠠ᠂ ᠮᠠᠯ ᠳᠤ ᠶᠠᠪᠤᠭᠠᠳ ᠤᠮᠳᠠᠭᠠᠰᠪᠠᠯ ᠮᠠᠩᠬᠠᠨ ᠤ ᠬᠦᠮᠤᠭᠡᠢ ᠳᠤ ᠪᠠᠭᠠᠬᠠᠨ ᠨᠦᠭᠡ ᠮᠠᠯᠳᠠᠭᠠᠳ ᠭᠠᠷᠤᠭᠰᠠᠨ ᠤᠰᠤ ᠶᠢ ᠨᠢ ᠪᠦᠰ ᠶᠤᠮ ᠤᠤ᠂ ᠬᠠᠭᠤᠷᠠᠢ ᠡᠯᠡᠰᠤ ᠪᠠᠷ ᠲᠤᠩᠭᠠᠪᠠᠯ ᠰᠢᠭᠤᠳ ᠯᠠ ᠤᠤᠭᠤᠵᠤ ᠪᠤᠯᠳᠠᠭ ᠪᠠᠶᠢᠭᠰᠠᠨ ᠶᠤᠮ ᠁ ᠡᠨᠡ ᠪᠦᠭᠦᠨ ᠢ ᠡᠷᠬᠢᠴᠡᠭᠦᠯᠭᠦ ᠳᠤ ᠰᠡᠳᠬᠢᠯ ᠵᠤᠪᠠᠮᠠᠷ᠃       ᠬᠦᠮᠤᠨ ᠲᠦᠷᠤᠯᠬᠢᠳᠡᠨ ᠤ ᠪᠦᠭᠦ ᠵᠦᠢᠯ ᠢ ᠪᠠᠶᠢᠭᠠᠯᠢ ᠠᠴᠠ ᠬᠠᠨᠭ᠍ᠭᠠᠵᠤ ᠪᠤᠢ᠃ ᠬᠦᠮᠤᠨ ᠡᠭᠡ ᠠᠴᠠ ᠲᠦᠷᠤᠭᠡᠳ ᠡᠴᠤᠰ ᠲᠡᠭᠡᠨ ᠪᠠᠶᠢᠭᠠᠯᠢ ᠲᠡᠯᠡᠭᠡᠢ ᠳᠡᠭᠡᠨ ᠯᠠ ᠪᠤᠴᠠᠳᠠᠭ᠃ ᠬᠦᠮᠤᠨ ᠲᠦᠷᠤᠯᠬᠢᠳᠡᠨ ᠠᠴᠠ ᠬᠠᠷᠢᠭᠤ ᠬᠦᠰᠡᠭᠦ ᠦᠭᠡᠢ ᠪᠠᠷ ᠪᠦᠭᠦᠳᠡ ᠵᠦᠢᠯ ᠢ ᠬᠠᠨᠭ᠍ᠭᠠᠵᠤ ᠪᠠᠶᠢᠭ᠎ᠠ ᠪᠠᠶᠢᠭᠠᠯᠢ ᠲᠡᠯᠡᠭᠡᠢ ᠪᠠᠨ ᠨᠡᠭᠦᠳᠡᠯ ᠤᠨ ᠪᠤᠯᠪᠠᠰᠤᠨ ᠰᠤᠶᠤᠯ ᠢᠶᠠᠷ ᠤᠴᠢᠵᠤ ᠬᠠᠶᠢᠷᠠᠯᠠᠵᠤ ᠬᠢᠮᠠᠭᠠᠳᠠᠪᠠᠯ ᠵᠤᠬᠢᠨ᠎ᠠ᠃ ᠪᠠᠶᠢᠭᠠᠯᠢ ᠲᠡᠯᠡᠭᠡᠢ ᠶᠢ ᠡᠵᠢ ᠭᠡᠮᠡᠨ ᠵᠦᠢᠷᠯᠡᠵᠤ ᠭᠡᠯᠡᠳᠡᠭ᠃ ᠲᠡᠭᠡᠪᠡᠯ ᠡᠯᠢᠭᠡᠨ ᠳᠡᠭᠡᠨ ᠪᠦᠪᠠᠶᠢᠯᠡᠵᠤ ᠡᠷᠭᠡ ᠲᠤᠷ᠎ᠠ ᠪᠠᠷ ᠡᠩᠭᠦᠷᠡᠶᠢᠯᠡᠨ ᠦᠰᠭᠡᠭᠰᠡᠨ ᠡᠵᠢ ᠶᠢᠨ ᠢᠶᠠᠨ ᠠᠴᠢ ᠶᠢ ᠡᠪᠴᠢᠭᠦᠦ ᠴᠡᠭᠡᠵᠢ ᠶᠢ ᠨᠢ ᠤᠷᠠᠵᠤ ᠰᠡᠶᠢᠴᠢᠵᠤ᠂ ᠲᠠᠯᠠᠵᠤ ᠲᠠᠯᠬᠠᠳᠤᠵᠤ ᠬᠠᠷᠢᠭᠤᠯᠤᠨ᠎ᠠ ᠤᠤ ᠳ᠋ᠠ⁈       ᠰᠠᠭᠤᠷᠢᠰᠢᠨ ᠠᠮᠢᠳᠤᠷᠠᠬᠤ ᠳᠤ ᠤᠷᠤᠨ ᠰᠠᠭᠤᠴᠠ ᠭᠡᠳᠦ᠋ᠢᠪᠡᠷ ᠲᠤᠬᠢᠯᠢᠭ ᠲᠠᠭᠠᠯᠠᠮᠵᠢᠳᠠᠢ᠂ ᠡᠪᠤᠯ ᠳᠡᠭᠡᠨ ᠲᠠᠭᠠᠷᠠᠬᠤ ᠦᠭᠡᠢ ᠵᠤᠨ ᠳᠠᠭᠠᠨ ᠬᠠᠯᠠᠬᠤ ᠦᠭᠡᠢ ᠪᠤᠯᠪᠠᠴᠤ ᠡᠭᠡ ᠪᠠᠶᠢᠭᠠᠯᠢ ᠲᠠᠢ ᠪᠠᠨ ᠡᠨᠡᠭᠰᠢᠨ ᠲᠠᠰᠤᠯᠴᠠᠵᠤ᠂ ᠬᠠᠯᠠᠭᠤᠨ ᠠᠮᠢᠰᠬᠤᠭ᠎ᠠ ᠲᠠᠢ ᠮᠠᠯ ᠰᠦᠷᠦᠭ ᠤᠨ ᠢᠶᠠᠨ ᠵᠠᠬ᠎ᠠ ᠬᠦᠪᠡᠭᠡᠳᠡᠵᠤ ᠶᠠᠪᠤᠬᠤ ᠨᠡᠭᠦᠳᠡᠯ ᠤᠨ ᠴᠦᠷᠭᠡᠯᠡᠭᠡ ᠲᠠᠢ ᠠᠮᠢᠳᠤᠷᠠᠯ ᠢ ᠬᠠᠷᠢᠨ ᠬᠦᠰᠡᠨ ᠰᠠᠨᠠᠭᠠᠯᠵᠠᠬᠤ ᠪᠤᠯᠤᠯ᠎ᠠ᠃       ᠨᠤᠳᠤᠭ ᠤᠨ ᠨᠤᠭᠤᠭᠠᠨ ᠠᠮᠢᠰᠬᠤᠭ᠎ᠠ ᠲᠠᠢ       ᠲᠠᠯ᠎ᠠ ᠶᠢᠨ ᠮᠢᠨᠢ ᠵᠦᠭᠡᠯᠡᠨ ᠰᠠᠯᠬᠢ       ᠬᠠᠴᠠᠷ ᠢᠯᠪᠢᠨ ᠦᠨᠳᠡᠯᠵᠡᠭᠦ ᠳᠤ       ᠲᠦᠷᠦᠭᠰᠡᠨ ᠨᠤᠳᠤᠭ ᠤᠨ ᠢᠶᠠᠨ ᠬᠦᠷᠤᠰᠤᠨ ᠲᠡᠭᠡᠷ᠎ᠠ       ᠡᠵᠡᠨ ᠶᠤᠰᠤᠭᠠᠷ ᠮᠦᠡᠭᠭᠡ ᠲᠠᠭᠤᠯᠠᠬᠤ ᠶᠢ ᠬᠦᠰᠡᠨ᠎ᠡ
ᠢᠷᠡᠯᠲᠡ᠄ ᠤᠷᠳᠤᠰ ᠤᠨ ᠡᠳᠤᠷ ᠤᠨ ᠰᠤᠨᠢᠨ