ᠡᠷᠬᠢᠨ ᠰᠠᠨᠠᠬᠳᠠᠬᠤ ᠨᠤᠳᠤᠭ
ᠨᠡᠶᠢᠲᠡᠯᠡᠭᠰᠡᠨ ᠴᠠᠭ᠄
2023/7/25
     ᠭᠡᠶᠢᠪᠡᠩ ᠰᠠᠷᠠ ᠢᠯᠳᠠᠮ ᠭᠡᠷᠡᠯ ᠢᠶᠠᠨ ᠠᠰᠬᠠᠬᠤ ᠳᠤ     ᠭᠡᠭᠡᠪᠴᠢ ᠪᠠᠷ ᠲᠤᠰᠬᠤ ᠮᠢᠩᠭᠠᠨ ᠰᠢᠷᠬᠡᠭ ᠮᠢᠨᠳᠠᠰᠤ     ᠭᠡᠷ ᠤᠨ ᠲᠤᠭᠤᠨᠤ ᠶᠢ ᠪᠤᠳᠤᠯ ᠠᠯᠭᠠᠰᠠᠨ ᠰᠢᠷᠳᠡᠬᠦ ᠳᠤ     ᠭᠡᠶᠦᠷᠡᠬᠦ ᠰᠡᠳᠭᠢᠯ ᠲᠦᠮᠡᠨ ᠭᠠᠵᠠᠷ ᠤᠨ ᠰᠡᠭᠦᠷᠡᠰᠦ     ᠬᠠᠷᠢ ᠬᠤᠯᠠ ᠨᠤᠳᠤᠭ ᠤᠨ ᠲᠡᠭᠷᠢ ᠶᠢ ᠪᠠᠷᠠᠯᠠᠬᠤ ᠳᠤ     ᠬᠠᠯᠠᠭᠤᠨ ᠦᠯᠦᠭᠡᠢ ᠪᠤᠳᠤᠯ ᠤᠨ ᠲᠤᠮᠳᠠ ᠡᠷᠢᠭᠳᠡᠨᠡᠮ     ᠬᠠᠶᠢᠷᠠᠳᠠᠢ ᠬᠦᠮᠦᠰ ᠵᠡᠭᠦᠳᠦᠨ ᠪᠦᠷᠦᠭ ᠲᠤ ᠢᠯᠡᠷᠡᠬᠦᠶ᠎ᠡ     ᠬᠠᠷᠠᠬᠤ ᠨᠢᠳᠦᠨ ᠳᠤ ᠦᠨᠦᠴᠢᠨ ᠨᠢᠯᠪᠤᠰᠤ ᠪᠦᠷᠦᠯᠵᠡᠨᠡᠮ     ᠬᠦᠮᠦᠨ ᠬᠤᠷᠸ᠎ᠠ ᠶᠢᠨ ᠤᠨᠠᠭᠠᠨ ᠨᠠᠰᠤᠨ ᠤ ᠢᠵᠢᠯᠢ     ᠬᠦᠨᠳᠡᠢ ᠴᠡᠭᠡᠵᠢᠨ ᠤ ᠰᠠᠨᠠᠬᠤ ᠰᠡᠳᠭᠢᠯ ᠤᠨ ᠲᠡᠮᠡᠤᠯᠤᠯ     ᠬᠦᠨᠳᠡᠯᠡᠨ ᠭᠠᠵᠠᠷ ᠵᠠᠶᠠᠭ᠎ᠠ ᠬᠤᠯᠪᠤᠬᠤ ᠶᠢᠨ ᠦᠶᠡᠰ     ᠬᠦᠭᠡᠷᠦᠬᠦᠢ ᠪᠤᠳᠤᠯ ᠨᠠᠮᠤᠷ ᠤᠨ ᠭᠠᠯᠠᠭᠤᠨ ᠤ ᠡ᠊ᠩᠰᠡᠷᠡᠯ     ᠬᠤᠳᠤᠭ ᠰᠠᠬᠢᠭᠰᠠᠨ ᠨᠤᠳᠤᠭ ᠤᠨ ᠪᠠᠷ᠎ᠠ ᠬᠠᠷᠠᠬᠤ ᠳᠤ     ᠬᠤᠩᠭᠤᠷ ᠵᠢᠷᠦᠬᠡᠨ ᠤ ᠦᠨᠡᠨ ᠬᠠᠶᠢᠷ᠎ᠠ ᠶᠢᠨ ᠢᠪᠢᠯᠦᠯ     ᠬᠤᠨᠤᠭ ᠤᠨ ᠤᠳᠠᠭᠠᠨ ᠳᠤ ᠰᠠᠨᠠᠬᠤ ᠭᠠᠭᠴᠠ ᠮᠦᠷᠦᠭᠡᠳᠦᠯ     ᠬᠤᠪᠢ ᠶᠢᠨ ᠭᠠᠳᠠᠨ᠎ᠠ ᠪᠤᠷᠬᠠᠨ ᠴᠢᠨᠠᠷ ᠤᠨ ᠰᠦᠰᠦᠭᠯᠡᠯ᠃
ᠢᠷᠡᠯᠲᠡ᠄ ᠤᠷᠳᠤᠰ ᠤᠨ ᠡᠳᠤᠷ ᠤᠨ ᠰᠤᠨᠢᠨ