ᠪᠤᠷᠤᠭᠠᠨ
ᠨᠡᠶᠢᠲᠡᠯᠡᠭᠰᠡᠨ ᠴᠠᠭ᠄
2023/7/12
     ᠡᠵᠢ ᠶᠢᠨ ᠪᠦᠪᠡᠢ ᠰᠢᠭ ᠡᠨᠡᠷᠢᠯᠳᠦ ᠪᠤᠷᠤᠭᠠᠨ     ᠡᠷᠢᠭᠳᠡᠵᠦ ᠰᠠᠨᠠᠭᠳᠠᠳᠠᠭ ᠨᠤᠳᠤᠭ ᠤᠨ ᠪᠤᠷᠤᠭᠠᠨ     ᠢᠷᠡᠭᠡᠳᠦᠢ ᠶᠢ ᠵᠤᠷᠢᠭᠰᠠᠨ ᠪᠠᠶᠠᠵᠢᠯ ᠤᠨ ᠪᠤᠷᠤᠭᠠᠨ     ᠢᠪᠡᠭᠡᠵᠦ ᠬᠠᠶᠢᠷᠠᠯᠠᠳᠠᠭ ᠪᠤᠶᠠᠠᠰᠠᠭ ᠪᠤᠷᠤᠭᠠᠨ ᠡ︕     ᠴᠢᠳᠬᠤᠯᠠᠬᠤ ᠬᠦᠷᠬᠢᠷ᠎ᠡ ᠰᠢᠭ ᠬᠦᠴᠦᠳᠦ ᠪᠤᠷᠤᠭᠠᠨ     ᠴᠢᠪᠬᠠᠳᠠᠵᠤ ᠬᠦᠭᠰᠡᠭᠡᠳᠡᠭ ᠰᠡᠳᠭᠢᠯ ᠤᠨ ᠪᠤᠷᠤᠭᠠᠨ     ᠴᠡᠭᠡ ᠰᠦ ᠰᠢᠭ ᠠᠷᠢᠭᠤᠨ ᠪᠤᠷᠤᠭᠠᠨ     ᠴᠢᠷᠠᠢ ᠮᠦᠰᠢᠶᠡᠯᠭᠡᠳᠡᠭ ᠪᠠᠶᠠᠰᠤᠯ ᠤᠨ ᠪᠤᠷᠤᠭᠠᠨ ᠡ︕     ᠠᠳᠠᠷ ᠢ ᠰᠢᠮᠡᠵᠢᠭᠦᠯᠳᠡᠭ ᠠᠭᠠᠳᠠᠷ ᠪᠤᠷᠤᠭᠠᠨ     ᠠᠮᠠᠷᠠᠭ ᠢ ᠦᠨᠦᠷᠳᠦᠬᠦᠯᠳᠡᠭ ᠬᠠᠶᠢᠷ᠎ᠠ ᠶᠢᠨ ᠪᠤᠷᠤᠭᠠᠨ     ᠠᠮᠢᠵᠢᠷᠠᠯ ᠢ ᠤᠯᠭᠤᠳᠠᠭ ᠰᠢᠮᠡᠳᠦ ᠪᠤᠷᠤᠭᠠᠨ     ᠠᠬᠢᠵᠤ ᠲᠠᠪᠰᠢᠭᠤᠯᠳᠠᠭ ᠬᠦᠰᠡᠯ ᠤᠨ ᠪᠤᠷᠤᠭᠠᠨ ᠡ︕     ᠵᠦᠰᠡᠷᠡᠵᠦ ᠪᠠᠭᠤᠳᠠᠭ ᠵᠦᠭᠡᠯᠡᠨ ᠪᠤᠷᠤᠭᠠᠨ     ᠵᠢᠷᠤᠭᠡᠨ ᠳᠤ ᠠᠮᠢᠯᠠᠳᠠᠭ ᠨᠠᠶᠢᠵᠠ ᠶᠢᠨ ᠪᠤᠷᠤᠭᠠᠨ     ᠵᠦᠯᠭᠡ ᠶᠢ ᠦᠩᠭᠡᠯᠡᠳᠡᠭ ᠤᠰᠤᠯᠢᠭ ᠪᠤᠷᠤᠭᠠᠨ     ᠵᠢᠷᠭᠠᠯ ᠢ ᠤᠭᠳᠤᠳᠠᠭ ᠦᠯᠵᠡᠶᠢᠳᠦ ᠪᠤᠷᠤᠭᠠᠨ ᠡ︕     ᠬᠦᠭᠡ ᠤᠭᠳᠠᠷᠭᠤᠢ ᠶᠢᠨ ᠬᠦᠬᠡᠮᠳᠦᠭ ᠪᠤᠷᠤᠭᠠᠨ     ᠬᠦᠰᠡᠯ ᠲᠡᠷᠭᠡᠯᠰᠢᠬᠦᠯᠬᠦ ᠠᠰᠢᠳᠠ ᠶᠢᠨ ᠪᠤᠷᠤᠭᠠᠨ     ᠵᠢᠷᠤᠮ ᠢᠶᠠᠷ ᠡᠨᠡᠷᠢᠳᠡᠭ ᠵᠦᠰᠡᠷ ᠪᠤᠷᠤᠭᠠᠨ     ᠵᠠᠭᠤᠨ ᠵᠠᠭᠤᠨ ᠤ ᠲᠡᠦᠭᠡ ᠶᠢᠨ ᠪᠤᠷᠤᠭᠠᠨ ᠡ︕     ᠬᠠᠩᠭᠠᠢ ᠶᠢ ᠭᠤᠶᠤᠵᠢᠭᠤᠯᠬᠤ ᠦᠩᠭᠡᠳᠦ ᠪᠤᠷᠤᠭᠠᠨ     ᠬᠠᠷᠠᠭ᠎ᠠ ᠲᠡᠯᠡᠭᠳᠡᠬᠦ ᠤᠷᠴᠢᠯᠠᠩ ᠤᠨ ᠪᠤᠷᠤᠭᠠᠨ     ᠬᠠᠷᠠᠩᠭᠤᠢ ᠶᠢ ᠦᠯᠳᠡᠭᠰᠡᠨ ᠠᠵᠢᠷᠭᠠᠨ ᠪᠤᠷᠤᠭ᠎ᠠ     ᠬᠠᠮᠳᠤᠷᠠᠯ ᠢ ᠵᠦᠩᠨᠡᠭᠰᠡᠨ ᠡᠪᠯᠢᠭ ᠪᠤᠷᠤᠭᠠᠨ ᠡ︕     ᠦᠡᠳᠦᠰᠦ ᠠᠮᠢᠯᠠᠭᠤᠯᠳᠠᠭ ᠬᠦᠪᠦᠷᠡᠯᠳᠦ ᠪᠤᠷᠤᠭᠠᠨ     ᠦᠷᠦᠴᠠ ᠤᠪᠤᠯᠵᠠᠭᠤᠯᠳᠠᠭ ᠴᠤᠭᠯᠢᠭ ᠪᠤᠷᠤᠭᠠᠨ     ᠦᠯᠦᠭᠡᠢ ᠨᠤᠳᠤᠭ ᠤᠨ ᠬᠡᠶᠢᠮᠦᠷᠢᠯᠢᠭ ᠪᠤᠷᠤᠭᠠᠨ     ᠦᠷᠬᠦᠯᠵᠢ ᠪᠠᠭᠤᠭᠰᠠᠨ ᠴᠤ ᠪᠤᠯᠤᠮᠠᠷ ᠪᠤᠷᠤᠭᠠᠨ ᠡ︕     ᠨᠦᠢᠷ ᠰᠡᠷᠭᠦᠭᠡᠳᠡᠭ ᠰᠠᠩᠰᠠᠨ ᠪᠤᠷᠤᠭᠠᠨ
ᠢᠷᠡᠯᠲᠡ᠄ ᠤᠷᠳᠤᠰ ᠤᠨ ᠡᠳᠤᠷ ᠤᠨ ᠰᠤᠨᠢᠨ