ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠦᠭᠡ ᠪᠠᠨ ᠪᠤᠷᠤᠭᠤ ᠪᠢᠴᠢᠭᠡᠳ ᠪᠠᠶᠢᠳᠠᠭ ᠤᠨ ᠲᠤᠬᠠᠶ ᠲᠥᠬᠦᠮ ᠥᠭᠦᠯᠡᠬᠦ ᠨᠢ
ᠨᠡᠶᠢᠲᠡᠯᠡᠭᠰᠡᠨ ᠴᠠᠭ᠄
2023/6/6
       ᠦᠭᠡ ᠬᠡᠯᠡ ᠥᠰᠥᠭ ᠪᠢᠴᠢᠭ ᠪᠣᠯ ᠬᠥᠮᠦᠰ ᠤᠨ ᠬᠤᠭᠤᠷᠤᠡᠳᠤᠬᠢ ᠬᠠᠷᠢᠯᠴᠠᠭᠠᠨ ᠤ ᠪᠠᠭᠠᠵᠢ ᠪᠣᠯᠤᠨ᠎ᠠ᠃ ᠡᠭᠦᠨ ᠢᠶᠠᠨ ᠬᠡᠯᠡ ᠠᠮᠠ ᠪᠠᠷ ᠢᠶᠠᠨ ᠳᠠᠮᠵᠢᠭᠤᠯᠤᠨ ᠶᠠᠷᠢᠬᠤ ᠪᠠᠷ ᠪᠠᠷᠠᠬᠤ ᠥᠬᠡᠶ ᠪᠠᠰᠠ ᠴᠤ ᠥᠪᠡᠷ ᠤᠨ ᠪᠣᠳᠣᠯ ᠰᠠᠨᠠᠯ ᠢᠶᠠᠨ ᠴᠢᠯᠥᠭᠡᠲᠡᠶ ᠪᠢᠴᠢᠵᠦ ᠢᠯᠡᠳᠬᠡᠵᠤ ᠰᠡᠳᠬᠢᠯ ᠰᠡᠳᠬᠢᠯ ᠢᠶᠠᠨ ᠤᠶᠢᠯᠠᠭᠠᠯᠴᠠᠳᠠᠭ ᠶᠤᠮ᠃ ᠢᠩᠭᠢᠬᠦ ᠳᠤ ᠵᠥᠪ ᠪᠢᠴᠢᠯᠭᠡ ᠠᠶᠠᠨᠳᠠᠭᠠᠨ ᠴᠢᠬᠤᠯᠠᠴᠢᠯᠠᠭᠳᠠᠵᠤ ᠪᠠᠶᠢᠳᠠᠭ᠃ ᠪᠠᠭ᠎ᠠ ᠰᠤᠷᠭᠠᠭᠤᠯᠢ ᠶᠢᠨ ᠪᠠᠭᠰᠢ ᠪᠣᠯᠤᠭᠰᠠᠳ ᠰᠤᠷᠤᠭᠴᠢᠳ ᠤᠨ ︽ᠰᠤᠨᠤᠰᠬᠤ ᠶᠠᠷᠢᠬᠤ ᠤᠡᠭᠰᠢᠬᠤ ᠪᠢᠴᠢᠬᠦ︾ ᠳᠥᠷᠪᠡᠨ ᠦᠨᠳᠦᠰᠦᠨ ᠴᠢᠳᠠᠪᠤᠷᠢ ᠶᠢ ᠨᠢ ᠪᠦᠷᠢᠯᠳᠦᠭᠦᠯᠵᠦ ᠥᠭᠬᠦ ᠨᠢ ᠶᠠᠭᠤᠨ ᠠᠴᠠ ᠴᠤ ᠴᠢᠬᠤᠯᠠ ᠪᠣᠯᠤᠨ᠎ᠠ᠃ ᠭᠡᠪᠡᠴᠦ ᠪᠢᠳᠡᠨ ᠤ ᠪᠣᠳᠠᠲᠠᠶ ᠵᠢᠭᠠᠨ ᠰᠤᠷᠭᠠᠯᠲᠠ ᠳᠤ ᠰᠤᠷᠤᠭᠴᠢᠳ ᠳᠠᠩᠳᠠ ᠪᠠᠨ ᠪᠤᠷᠤᠭᠤ ᠪᠢᠴᠢᠭᠡᠳ ᠯᠠ ᠪᠠᠶᠢᠳᠠᠭ ᠢ ᠨᠠᠷᠢᠨ ᠵᠠᠳᠠᠯᠪᠠᠯ ᠲᠤᠤᠷᠠᠬᠢ ᠬᠡᠳᠦᠨ ᠲᠠᠯ᠎ᠠ ᠠᠴᠠ ᠰᠢᠯᠳᠠᠭᠠᠯᠠᠭᠳᠠᠨ᠎ᠠ᠃       ᠨᠢᠭᠡ᠂ ᠮᠣᠩᠭᠤᠯᠵᠢᠭᠤᠨ ᠠᠮᠢᠳᠤᠷᠠᠯ ᠠᠴᠠ ᠪᠠᠨ ᠵᠠᠶᠢᠳᠠᠭᠰᠠᠨ ᠠᠴᠠ ᠪᠤᠯᠵᠠᠢ᠃ ᠮᠠᠨ ᠤ ᠮᠣᠩᠭᠤᠯᠴᠤᠳ ᠬᠤᠳᠠ ᠳᠤ ᠠᠮᠢᠳᠤᠷᠠᠬᠤ ᠨᠢ ᠤᠯᠠᠨ ᠪᠤᠯᠤᠭᠰᠠᠨ ᠠᠴᠠ ᠮᠠᠯᠵᠢᠬᠤ ᠠᠮᠢᠳᠤᠷᠠᠯ ᠲᠠᠢ ᠬᠤᠯᠪᠣᠭᠳᠠᠭᠰᠠᠨ ᠦᠭᠡᠰ ᠬᠡᠷᠡᠭᠯᠡᠭᠳᠡᠬᠦ ᠪᠠᠨ ᠪᠤᠯᠢᠭᠰᠠᠨ ᠮᠥᠷᠲᠡᠭᠡᠨ ᠵᠠᠷᠢᠵᠤ ᠴᠢᠳᠠᠬᠤ ᠥᠬᠡᠶ ᠪᠣᠯᠵᠠᠢ᠃ ᠶᠠᠭ ᠡᠶᠢᠮᠤ ᠠᠴᠠ ᠰᠤᠷᠤᠭᠴᠢᠳ ᠲᠤ ᠡᠲᠡᠭᠡᠷ ᠦᠭᠡᠰ ᠨᠢ ᠬᠦᠴᠢᠷ ᠦᠭᠡᠰ ᠪᠤᠯᠤᠭᠰᠠᠨ ᠪᠠᠶᠢᠨ᠎ᠠ᠃ ᠬᠠᠷᠢᠨ ᠣᠷᠴᠢᠮ ᠤᠨ ᠵᠢᠯ ᠤᠳ ᠲᠤ ᠰᠤᠷᠭᠠᠭᠤᠯᠢ ᠶᠢᠨ ᠪᠠᠭᠰᠢ ᠨᠠᠷ ᠰᠤᠷᠤᠭᠴᠢᠳ ᠢᠶᠠᠨ ᠳᠠᠭᠠᠭᠤᠯᠤᠨ ᠬᠥᠳᠡᠭᠡ ᠪᠠᠭᠤᠵᠤ ᠮᠠᠯᠵᠢᠬᠤ ᠠᠮᠢᠳᠤᠷᠠᠯ ᠳᠤ ᠣᠷᠣᠯᠴᠠᠭᠤᠯᠤᠨ᠂ ᠦᠶ᠋ᠯᠡᠳᠦᠯᠭᠡ ᠶᠢᠨ ᠬᠥᠳᠡᠯᠭᠡᠭᠡᠨ ᠢ ᠶᠡᠬᠡᠬᠡᠨ ᠬᠢᠳᠡᠭ ᠪᠣᠯᠤᠭᠰᠠᠨ ᠨᠢ ᠰᠤᠷᠤᠭᠴᠢᠳ ᠤᠨ ᠮᠤᠩᠭᠤᠯᠵᠢᠭᠤᠨ ᠠᠮᠢᠳᠤᠷᠠᠯ ᠳᠠᠬᠢ ᠤᠶᠢᠯᠠᠭᠠᠯᠳᠠ ᠶᠢ ᠨᠢ ᠬᠦᠨᠵᠡᠬᠡᠶᠢᠷᠡᠬᠦᠯᠬᠦ ᠳᠤ ᠶᠡᠭᠡ ᠲᠤᠰᠠ ᠲᠠᠢ ᠪᠤᠯᠵᠠᠢ᠃       ᠬᠤᠶᠠᠷ᠂ ᠮᠤᠩᠭᠤᠯ ᠬᠡᠯᠡᠨ ᠤ ᠦᠬᠡᠰ ᠤᠨ ᠰᠠᠩ ᠤᠨ ᠢᠪᠴᠤᠷᠠᠯ ᠠᠴᠠ ᠪᠣᠯᠵᠠᠢ᠃ ᠬᠤᠲᠠ ᠳᠤ ᠳᠦᠷᠦᠵᠦ ᠥᠰᠦᠭᠰᠡᠨ ᠬᠡᠤᠬᠡᠳ ᠲᠤ ᠠᠪᠴᠤ ᠬᠡᠯᠡᠪᠡᠯ ᠶᠡᠬᠡᠩᠬᠢ ᠳᠡᠭᠡᠨ ᠬᠢᠲᠠᠳ ᠢᠶᠠᠷ ᠶᠠᠷᠢᠳᠠᠭ ᠠᠴᠠ ᠮᠤᠩᠭᠤᠯ ᠬᠡᠯᠡᠨ ᠤ ᠦᠬᠡᠰ ᠤᠨ ᠰᠠᠩ ᠨᠢ ᠤᠯᠠᠮ ᠢᠶᠠᠷ ᠢᠪᠴᠤᠷᠠᠭᠰᠠᠨ ᠪᠠᠶᠢᠨ᠎ᠠ᠃ ᠬᠡᠯᠡᠵᠦ ᠴᠢᠳᠠᠬᠤ ᠥᠬᠡᠶ ᠶᠤᠮ ᠴᠢᠨᠢ ᠶᠠᠷᠢᠶᠠᠨ ᠥᠬᠡᠶ ᠪᠢᠴᠢᠵᠦ ᠴᠢᠳᠠᠬᠤ ᠥᠬᠡᠶ ᠪᠣᠯᠤᠨ᠎ᠠ᠃       ᠭᠤᠷᠪᠠ᠂ ᠮᠣᠩᠭᠤᠯ ᠪᠢᠴᠢᠭ ᠶᠠᠭᠤ ᠭᠡᠵᠦ ᠬᠡᠯᠡᠪᠡᠯ ᠶᠠᠭᠤ ᠭᠡᠵᠦ ᠪᠢᠴᠢᠳᠡᠭ ᠪᠢᠰᠢ᠃ ᠵᠠᠷᠢᠮ ᠰᠤᠷᠤᠭᠴᠢᠳ ᠶᠠᠷᠢᠶᠠᠨ ᠤ ᠬᠡᠯᠡ ᠪᠠ ᠪᠢᠴᠢᠭ ᠤᠨ ᠬᠡᠯᠡ ᠶᠢ ᠢᠯᠭᠠᠬᠤ ᠥᠬᠡᠶ ᠪᠠᠶᠢᠵᠤ᠂ ᠥᠪᠡᠷ ᠢᠶᠠᠨ ᠶᠠᠭᠤ ᠭᠡᠵᠦ ᠬᠡᠯᠡᠪᠡᠯ ᠮᠥᠨ ᠲᠡᠭᠡᠭᠡᠳ ᠪᠢᠴᠢᠴᠢᠬᠡᠳᠡᠭ ᠪᠠᠶᠢᠨ᠎ᠠ᠃ ᠵᠢᠱᠢᠶᠡᠯᠡᠪᠡᠯ᠄ ᠲᠩᠷᠢ ︵ᠳᠡᠩᠬᠡᠷ︶᠂ ᠨᠠᠶᠢᠷᠠᠯᠳᠤᠵᠤ ︵ᠨᠠᠶᠢᠷᠯᠠᠯᠳᠤᠵᠤ︶᠂ ᠠᠶᠤᠬᠤ ︵ᠠᠶᠢᠬᠤ︶ ᠭᠡᠬᠦ ᠮᠡᠲᠦ᠃       ᠳᠥᠷᠪᠡ᠂ ᠬᠤᠯᠪᠣᠬᠤ ᠡᠭᠡᠰᠢᠭ ᠤᠨ ᠲᠦᠷᠢᠮ ᠵᠢᠴᠢ ᠪᠠᠷᠢᠮᠵᠢᠶ᠎ᠠ ᠠᠪᠢᠶ᠎ᠠ ᠪᠠᠨ ᠢᠯᠭᠠᠵᠤ ᠴᠢᠳᠠᠬᠤ ᠥᠬᠡᠶ᠃ ᠪᠠᠭ᠎ᠠ ᠰᠤᠷᠭᠠᠭᠤᠯᠢ ᠳᠤ ᠬᠡᠯᠡᠨ ᠵᠦᠶ ᠶᠢᠨ ᠮᠡᠳᠡᠯᠭᠡ ᠶᠢ ᠵᠢᠭᠠᠳᠠᠭ ᠥᠬᠡᠶ ᠤᠴᠢᠷ ᠠᠴᠠ ᠬᠤᠯᠪᠣᠬᠤ ᠡᠭᠡᠰᠢᠭ ᠤᠨ ᠲᠦᠷᠢᠮ ᠲᠠᠢ ᠬᠤᠯᠪᠣᠭᠳᠠᠭᠰᠠᠨ ᠦᠭᠡᠰ ᠢ ᠠᠷᠪᠢᠨ ᠠᠯᠲᠠᠳᠠᠭ ᠪᠠᠶᠢᠨ᠎ᠠ᠃ ᠬᠤᠯᠪᠣᠬᠤ ᠥᠰᠥᠭ ᠤᠨ ᠲᠦᠷᠢᠮ ᠪᠣᠯ ᠮᠣᠩᠭᠤᠯ ᠦᠰᠦᠭ ᠪᠢᠴᠢᠭ ᠤᠨ ᠵᠥᠪ ᠪᠢᠴᠢᠯᠭᠡ ᠶᠢᠨ ᠨᠢᠭᠡᠨ ᠴᠢᠬᠤᠯᠠ ᠲᠦᠷᠢᠮ ᠪᠣᠯᠤᠨ᠎ᠠ᠃ ᠮᠣᠩᠭᠤᠯ ᠬᠡᠯᠡᠨ ᠳᠤ ᠵᠠᠷᠢᠮ ᠬᠡᠶᠢᠬᠦᠯᠦᠭᠴᠢ ᠪᠠᠷ ᠲᠡᠭᠦᠰᠦᠭᠰᠡᠨ ᠦᠶ᠋ᠯᠡ ᠦᠭᠡ ᠶᠢᠨ ᠢᠵᠠᠭᠤᠷ ᠦᠨᠳᠦᠰᠦᠨ ᠳᠤ ᠵᠠᠷᠢᠮ ᠬᠡᠶᠢᠬᠦᠯᠦᠭᠴᠢ ᠪᠠᠷ ᠡᠬᠢᠯᠡᠭᠰᠡᠨ ᠲᠠᠭᠠᠪᠤᠷᠢ ᠵᠠᠯᠭᠠᠬᠤ ᠳᠤ ᠬᠤᠭᠤᠷᠣᠨᠳᠣ ᠨᠢ ︽ᠣ︾ ᠡᠭᠡᠰᠢᠭ ᠱᠠᠭᠠᠷᠳᠠᠭᠳᠠᠳᠠᠭ᠃ ᠡᠨᠡ ᠬᠦ ᠲᠦᠷᠢᠮ ᠢ ᠬᠤᠯᠪᠣᠬᠤ ᠡᠭᠡᠰᠢᠭ ᠤᠨ ᠲᠦᠷᠢᠮ ᠭᠡᠵᠦ᠂ ︽‍ᠣ᠊︾ ᠬᠤᠯᠪᠣᠬᠤ ᠡᠭᠡᠰᠢᠭ ᠭᠡᠳᠡᠭ ᠶᠤᠮ᠃ ᠪᠢᠳᠡ ᠬᠤᠯᠪᠣᠬᠤ ᠥᠰᠥᠭ ᠤᠨ ᠲᠦᠷᠢᠮ ᠢ ᠵᠥᠪ ᠵᠠᠷᠤᠵᠤ ᠴᠢᠳᠠᠭᠠᠳ ᠥᠰᠥᠭ ᠢᠶᠠᠨ ᠢᠵᠠᠭᠤᠷ᠂ ᠦᠨᠳᠦᠰᠦ᠂ ᠲᠠᠭᠠᠪᠤᠷᠢ ᠪᠠᠷ ᠵᠥᠪ ᠰᠠᠯᠭᠠᠵᠤ ᠴᠢᠳᠠᠪᠠᠯ ᠵᠥᠪ ᠪᠢᠴᠢᠯᠭᠡ ᠶᠢ ᠨᠡᠯᠢᠶᠡᠳ ᠰᠡᠶᠢᠨ ᠡᠵᠡᠮᠰᠢᠭᠰᠡᠨ ᠳᠤ ᠲᠣᠭᠠᠴᠠᠭᠳᠠᠨ᠎ᠠ᠃ ᠶᠡᠷᠦ ᠳᠡᠭᠡᠨ ︽ᠳᠤᠷᠠᠳᠪᠠᠯ᠂ ᠳᠤᠷᠠᠳᠤᠭᠤᠰᠢᠲᠠᠶ᠂ ᠨᠠᠭᠠᠳᠬᠤ᠂᠂ ᠵᠠᠩᠭᠢᠳᠳᠠᠭ᠂ ᠲᠦᠬᠦᠷᠳᠡᠯ᠎ᠠ︾ ᠭᠡᠰᠡᠨ ᠥᠰᠥᠭ ᠤᠳ ᠢ ︽ᠳᠤᠷᠠᠳᠤᠪᠠᠯ᠂ ᠳᠤᠷᠠᠳᠭᠤᠰᠢᠲᠠᠶ᠂ ᠨᠠᠭᠠᠳᠤᠵᠤ᠂ ᠵᠠᠩᠬᠢᠳᠤᠳᠠᠭ᠂ ᠲᠦᠭᠦᠷᠡᠲᠡᠯ᠎ᠡ︾ ᠭᠡᠵᠦ ᠶᠠᠭ ᠪᠤᠷᠤᠭᠤ ᠪᠠᠷ ᠪᠢᠴᠢᠳᠡᠭ ᠨᠢ ᠪᠢᠳᠠᠨ ᠳᠤ ᠤᠯᠠᠨ ᠲᠤᠬᠢᠶᠠᠯᠳᠤᠳᠠᠭ᠃       ᠲᠠᠪᠤ᠂ ᠳᠠᠭᠤᠳᠠᠯᠭ᠎ᠠ ᠢᠵᠢᠯ ᠦᠭᠡ ︵ᠳᠦᠷᠰᠦ ᠠᠳᠠᠯᠢ ᠳᠠᠭᠤᠳᠠᠯᠭ᠎ᠠ ᠢᠵᠢᠯ ᠦᠭᠡ᠂ ᠳᠦᠷᠰᠦ ᠣᠨᠳᠣᠤ ᠳᠠᠭᠤᠳᠠᠯᠭ᠎ᠠ ᠢᠵᠢᠯ ᠦᠭᠡ︶ ᠶᠢ ᠬᠤᠳᠬᠤᠯᠳᠤᠭᠤᠯᠬᠤ ᠨᠢ ᠤᠯᠠᠨ᠃ ᠵᠢᠱᠢᠶᠡᠯᠡᠪᠡᠯ᠄ ᠥᠪᠥᠷ - ᠡᠪᠡᠷ - ᠥᠪᠡᠷ - ᠡᠪᠦᠷ᠂ ᠮᠥᠷᠢ - ᠮᠥᠷ - ᠮᠥᠷᠥ᠂ ᠳᠠᠭᠠᠤ - ᠳᠠᠭᠤᠤ - ᠲᠠᠭᠤ᠂ ᠤᠨᠠᠬᠤ - ᠤᠨᠤᠬᠤ ᠭᠡᠬᠦ ᠮᠡᠲᠦ ᠲᠣᠩ ᠣᠯᠠᠨ ᠪᠠᠶᠢᠳᠠᠭ᠃       ᠵᠢᠷᠭᠤᠭ᠎ᠠ᠂ ᠲᠠᠶᠢᠨ ᠢᠯᠭᠠᠯ ᠤᠨ ᠨᠥᠬᠦᠴᠡᠯ᠂ ᠣᠯᠠᠨ ᠲᠣᠭᠠᠨ ᠤ ᠨᠥᠬᠦᠴᠡᠯ᠂ ᠬᠠᠮᠢᠶᠠᠳᠠᠭᠤᠯᠬᠤ ᠲᠠᠭᠠᠪᠤᠷᠢ ᠶᠢ ᠠᠷᠪᠢᠨ ᠪᠤᠷᠤᠭᠤ ᠬᠡᠷᠡᠭᠯᠡᠬᠦ ᠨᠢ ᠤᠯᠠᠨ᠃ ᠥᠭᠦᠯᠡᠪᠦᠷᠢ ᠳᠣᠲᠣᠷ᠎ᠠ ᠨᠡᠷ᠎ᠡ ᠦᠭᠡ ᠨᠡᠷ᠎ᠡ ᠦᠭᠡ ᠲᠠᠢ ᠪᠠᠨ ᠪᠤᠶᠤ ᠪᠤᠰᠤᠳ ᠠᠶᠢᠮᠠᠭ ᠤᠨ ᠦᠭᠡᠰ ᠲᠠᠢ ᠬᠡᠷᠬᠢᠨ ᠬᠤᠯᠪᠣᠬᠤ ᠬᠠᠷᠢᠴᠠᠭ᠎ᠠ ᠶᠢ ᠢᠯᠡᠷᠡᠭᠦᠯᠳᠡᠭ ᠦᠭᠡ ᠵᠦᠶ ᠶᠢᠨ ᠬᠤᠪᠢᠷᠠᠯ ᠢ ᠲᠠᠶᠢᠨ ᠢᠯᠭᠠᠯ ᠤᠨ ᠨᠥᠬᠦᠴᠡᠯ ᠭᠡᠨ᠎ᠡ᠃ ᠵᠠᠷᠢᠮ ᠰᠤᠷᠤᠭᠴᠢᠳ ᠠᠯᠢ ᠲᠠᠭᠠᠪᠤᠷᠢ ᠶᠢ ᠨᠢ ᠰᠠᠨᠠᠵᠤ ᠣᠯᠪᠠᠯ ᠠᠯᠢ ᠶᠢ ᠨᠢ ᠵᠠᠷᠤᠵᠤ᠂ ᠥᠴᠦᠬᠡᠨ ᠴᠤ ᠪᠣᠳᠣᠯᠬᠢᠯᠠᠬᠤ ᠥᠬᠡᠶ ᠮᠥᠷᠲᠡᠭᠡᠨ ᠵᠠᠷᠢᠮ ᠦᠶ᠎ᠡ ᠳᠤ ᠲᠠᠭᠠᠪᠤᠷᠢ ᠶᠢ ᠶᠡᠷᠦ ᠨᠢ ᠵᠠᠷᠤᠬᠤ ᠪᠠᠨ ᠪᠠᠶᠢᠴᠢᠬᠠᠳᠠᠭ ᠪᠠᠶᠢᠨ᠎ᠠ᠃ ᠵᠢᠱᠢᠶᠡᠯᠡᠪᠡᠯ᠄ ᠡᠵᠢ ᠨᠢ ᠨᠠᠮ᠎ᠠ ᠶᠢ ᠳᠠᠭᠠᠭᠤᠯᠵᠤ ᠡᠮᠴᠢ ᠶᠢᠨ ᠬᠤᠷᠢᠶᠠᠨ ᠳᠤ ᠶᠠᠪᠤᠪᠠ᠃ ᠡᠵᠢ ᠨᠢ ᠨᠠᠮ᠎ᠠ ᠶᠢ ᠬᠡᠷ ᠲᠤ ᠳᠠᠭᠠᠭᠤᠯᠵᠤ ᠬᠠᠷᠢᠪᠠ᠂ ᠰᠤᠷᠤᠭᠴᠢᠳ ᠨᠠᠷ ᠮᠢᠨᠢ ᠭᠡᠬᠦ ᠮᠡᠲᠦ᠃      ᠳᠣᠯᠤᠭ᠎ᠠ᠂  ᠡᠩ ᠤᠨ ᠴᠠᠭ ᠤᠨ ᠨᠣᠮ ᠤᠩᠰᠢᠬᠤ ᠨᠢ ᠳᠤᠲᠠᠮᠠᠭ ᠠᠴᠠ ᠪᠣᠯᠵᠠᠢ᠃ ᠨᠣᠮ ᠤᠩᠰᠢᠬᠤ ᠨᠢ ᠬᠡᠦᠬᠡᠳ ᠤᠨ ᠣᠶᠤᠨ ᠲᠠᠷᠢᠬᠢ ᠶᠢ ᠰᠡᠷᠭᠦᠬᠡᠵᠦ᠂ ᠤᠬᠠᠭᠠᠨ ᠪᠢᠯᠢᠭ ᠢ ᠰᠠᠷᠠᠭᠤᠯᠵᠢᠭᠤᠯᠵᠤ᠂ ᠤᠩᠰᠢᠬᠤ᠂ ᠶᠠᠷᠢᠬᠤ᠂ ᠤᠶᠢᠯᠠᠭᠠᠬᠤ᠂ ᠪᠢᠴᠢᠬᠦ ᠴᠢᠳᠠᠪᠤᠷᠢ ᠨᠢ ᠠᠶᠠᠨᠳᠠᠭᠠᠨ ᠳᠡᠭᠡᠭᠰᠢᠯᠡᠳᠡᠭ ᠶᠤᠮ᠃ ᠭᠡᠪᠡᠴᠦ ᠣᠲᠣ ᠶᠢᠨ ᠬᠡᠤᠬᠡᠳ ᠭᠠᠷ ᠤᠲᠠᠰᠤ ᠶᠢ ᠠᠮᠢ ᠠᠴᠠ ᠪᠠᠨ ᠢᠯᠡᠭᠦᠤ ᠳᠡᠭᠡᠳᠦᠯᠡᠳᠡᠭ ᠪᠣᠯᠤᠭᠰᠠᠨ ᠠᠴᠠ ᠨᠤᠮ ᠤᠡᠭᠰᠢᠬᠤ ᠲᠤᠷᠠᠳᠠᠢ ᠬᠡᠦᠬᠡᠳ ᠤᠯᠠᠮ ᠢᠶᠠᠷ ᠴᠦᠬᠡᠷᠡᠭᠰᠡᠨ ᠪᠠᠶᠢᠨ᠎ᠠ᠃       ᠶᠠᠭ ᠡᠲᠡᠭᠡᠷ ᠣᠯᠠᠨ ᠰᠢᠯᠲᠠᠭᠠᠨ ᠠᠴᠠ ᠪᠣᠯᠵᠣ ᠪᠠᠭ᠎ᠠ ᠰᠤᠷᠭᠠᠭᠤᠯᠢ ᠶᠢᠨ ᠰᠤᠷᠤᠭᠴᠢᠳ ᠲᠣᠩ ᠣᠯᠠᠨ ᠪᠤᠷᠤᠭᠤ ᠪᠢᠴᠢᠳᠡᠭ ᠪᠣᠯᠤᠭᠰᠠᠨ ᠪᠠᠶᠢᠨ᠎ᠠ᠃ ᠮᠠᠨ ᠤ ᠬᠡᠯᠡ ᠪᠢᠴᠢᠭ ᠤᠨ ᠪᠠᠭᠰᠢ ᠪᠣᠯᠤᠭᠰᠠᠳ ᠡᠷᠬᠡᠪᠰᠢ ᠡᠲᠡᠭᠡᠷ ᠵᠦᠶ᠋ᠯ ᠢ ᠴᠢᠬᠤᠯᠠᠴᠢᠯᠠᠨ ᠦᠵᠡᠵᠦ᠂ ᠰᠤᠷᠤᠭᠴᠢᠳ ᠤᠨ ︽ᠰᠤᠨᠤᠰᠬᠤ ᠶᠠᠷᠢᠬᠤ ᠤᠡᠭᠰᠢᠬᠤ ᠪᠢᠴᠢᠬᠦ︾ ᠳᠥᠷᠪᠡᠨ ᠦᠨᠳᠦᠰᠦᠨ ᠴᠢᠳᠠᠪᠤᠷᠢ ᠶᠢ ᠨᠢ ᠬᠦᠮᠦᠵᠢᠬᠦᠯᠬᠦ ᠬᠡᠷᠡᠭᠳᠡᠢ᠃ ᠡᠲᠡᠭᠡᠷ ᠴᠢᠳᠠᠪᠤᠷᠢ ᠶᠢ ᠪᠦᠷᠢᠯᠳᠦᠭᠦᠯᠵᠦ ᠥᠭᠭᠦᠶ᠎ᠡ ᠭᠡᠪᠡᠯ ᠪᠠᠭᠰᠢ ᠪᠤᠯᠤᠭᠰᠠᠳ ᠥᠪᠡᠷ ᠢᠶᠠᠨ ᠴᠤ ᠴᠠᠭ ᠦᠷᠭᠦᠯᠵᠢ ᠪᠡᠶ᠎ᠡ ᠪᠠᠨ ᠲᠡᠭᠦᠯᠳᠡᠷᠵᠢᠭᠦᠯᠬᠦ ᠨᠢ ᠴᠢᠬᠤᠯᠠ ᠶᠤᠮ᠃ ᠪᠢᠳᠡ ᠤᠴᠢᠷ ᠰᠢᠯᠲᠠᠭᠠᠨ ᠢᠶᠠᠨ ᠰᠡᠶᠢᠨ ᠵᠠᠳᠠᠯᠵᠤ ᠦᠵᠡᠭᠰᠡᠨ ᠰᠠᠭᠤᠷᠢᠨ ᠳᠡᠭᠡᠷ᠎ᠡ ᠵᠥᠪ ᠭᠠᠵᠠᠷ ᠨᠢ ᠬᠦᠴᠦ ᠪᠠᠨ ᠵᠠᠷᠤᠴᠠᠭᠤᠯᠵᠤ ᠴᠢᠷᠮᠠᠶᠢᠳᠠᠭ ᠯᠠ ᠶᠤᠮ ᠪᠣᠯ ᠯᠠᠪᠲᠠᠶ ᠠᠮᠵᠢᠯᠲᠠ ᠣᠯᠵᠤ ᠲᠡᠶᠢᠯᠬᠦ ᠶᠤᠮ᠃
ᠢᠷᠡᠯᠲᠡ᠄ ᠣᠷᠳᠣᠰ ᠮᠣᠩᠭᠤᠯ ᠰᠦᠯᠵᠢᠶ᠎ᠡ