ᠠᠮᠢ ᠠᠬᠤᠢ ᠠᠴᠠ ᠠᠰᠢᠳᠠ ᠶᠢᠨ ᠵᠢᠷᠭᠠᠯ
ᠨᠡᠶᠢᠲᠡᠯᠡᠭᠰᠡᠨ ᠴᠠᠭ᠄
2023/6/6
       ᠶᠢᠷᠳᠢᠨᠴᠤ ᠶᠢᠨ ᠶᠠᠭᠤᠮ᠎ᠠ ᠪᠦᠬᠦᠨ ᠦᠨᠳᠦᠰᠦ ᠮᠦᠴᠢᠷ ᠬᠤᠶᠠᠷ ᠰᠢᠬ ᠨᠠᠷᠢᠨ ᠬᠤᠯᠪᠣᠭ᠎ᠠ ᠲᠠᠢ᠃ ᠦᠯᠢᠭᠡᠷᠯᠡᠵᠦ ᠬᠡᠯᠡᠪᠡᠯ᠂ ᠠᠭᠠᠬᠢᠮ᠎ᠠ ᠬᠠᠯᠠᠭᠤᠨ ᠵᠣᠨ ᠤ ᠡᠳᠦᠷ ᠣᠢ ᠮᠣᠲᠣ ᠢᠬᠴᠣᠷᠠᠨ ᠣᠷᠭᠤᠵᠣ᠂ ᠣᠰᠣ ᠪᠣᠯᠠᠬ ᠬᠤᠷᠴᠢᠬᠢᠨᠠᠨ ᠣᠷᠣᠰᠴᠦ᠂ ᠴᠡᠴᠡᠭ ᠬᠤᠸᠠᠷ ᠮᠢᠷᠠᠯᠵᠠᠨ ᠲᠡᠯᠭᠡᠷᠡᠵᠦ ᠴᠢᠮᠡᠭ ᠪᠦᠷᠢᠲᠦᠭᠰᠡᠨ ᠠᠭᠤᠯᠠ ᠲᠠᠯ᠎ᠠ ᠪᠠᠷ ᠵᠣᠭᠠᠯᠠᠨ ᠶᠠᠪᠣᠬᠤ ᠳᠤ ᠬᠡᠨ ᠴᠦ ᠬᠡᠰᠡᠨ ᠦᠭᠡᠢ ᠰᠠᠶᠢᠬᠠᠨ ᠦᠵᠡᠮᠵᠢ ᠳᠤ ᠡᠷᠬᠡ ᠦᠭᠡᠢ ᠰᠣᠬᠲᠣᠭᠤᠷᠠᠨ ᠪᠠᠶᠠᠰᠴᠦ᠂ ᠰᠡᠷᠢᠬᠦᠦ ᠲᠠᠲᠠᠬᠰᠠᠨ ᠮᠡᠲᠦ ᠲᠣᠲᠣᠷ᠎ᠠ ᠣᠩᠭᠤᠶᠢᠨ ᠠᠭᠤᠵᠢᠷᠠᠵᠦ ᠣᠣᠯᠭ᠎ᠠ ᠠᠯᠲᠠᠨ ᠱᠠᠬᠰᠢᠮᠠᠷ᠃ ᠡᠭᠦᠨ ᠤ ᠡᠰᠡᠷᠬᠦ ᠪᠠᠷ ᠣᠲᠤᠭ᠎ᠠ ᠲᠣᠭᠤᠰᠣ ᠪᠣᠵᠢᠬᠢᠨᠠᠨ᠂ ᠦᠮᠡᠬᠡᠢ ᠦᠨᠦᠷ ᠬᠠᠩᠬᠤᠯᠵᠦ᠂ ᠬᠤᠬ ᠨᠣᠪᠰᠢ ᠬᠦᠭᠯᠡᠷᠡᠭᠰᠡᠨ ᠣᠷᠴᠢᠨ ᠳᠤ ᠪᠣᠯ ᠬᠤᠷᠣᠮ ᠲᠡᠲᠦᠢ ᠣᠲᠠᠬᠤ ᠳᠤ ᠴᠦ ᠠᠷᠭ᠎ᠠ ᠠᠭᠠᠰᠢ ᠠᠯᠲᠠᠷᠠᠵᠦ᠂ ᠪᠣᠰᠢᠭᠤᠬᠠᠨ ᠭᠡᠭᠴᠢ ᠡ᠊ᠨᠲᠡ ᠠᠴᠠ ᠵᠠᠶᠢᠯᠠᠬᠤ ᠰᠠᠨ ᠭᠡᠰᠡᠨ ᠪᠣᠲᠣᠯ ᠣᠷᠭᠤᠲᠠᠬ ᠶᠣᠮ᠃       ᠲᠡᠭᠡᠪᠡᠯ ᠬᠡᠨ ᠴᠣᠬᠤᠮ ᠪᠢᠲᠡᠨ ᠤ ᠰᠡᠳᠬᠢᠯᠭᠡ ᠶᠢᠨ ᠲᠡᠩᠨᠡᠬᠦᠷ ᠢ ᠡᠵᠡᠮᠲᠡᠵᠦ᠂ ᠪᠠᠶᠠᠷᠯᠠᠬᠤ ᠪᠠ ᠪᠠᠴᠢᠮᠲᠠᠬᠤ ᠭᠡᠬᠦ ᠬᠤᠶᠠᠷ ᠠᠲᠠᠯᠢ ᠪᠣᠰᠣ ᠶᠢᠨ ᠢᠯᠡᠷᠡᠯ ᠳᠤ ᠬᠦᠷᠭᠡᠭᠰᠡᠨ ᠪᠣᠢ︖ ᠠᠬᠤᠢ ᠣᠷᠴᠢᠨ ᠨᠦᠯᠣᠭᠡ ᠦᠵᠡᠭᠦᠯᠵᠦ᠂ ᠰᠡᠳᠭᠢᠯᠭᠡ ᠳᠤ ᠰᠡᠲᠡᠯᠲᠡ ᠪᠣᠯᠣᠭᠰᠠᠨ ᠨᠢ ᠮᠡᠳᠡᠭᠡᠵᠢ᠃ ᠦᠩᠭᠡ᠂ ᠦᠵᠡᠮᠵᠢ᠂ ᠰᠡᠳᠭᠢᠯ ᠭᠤᠷᠪᠠ ᠨᠢᠭᠡ ᠳᠤᠤᠷ᠎ᠠ ᠨᠡᠶᠢᠯᠡᠵᠦ ᠵᠢᠭᠳᠡᠷᠡᠬᠦ ᠳᠤ ᠶᠡᠷᠦ ᠪᠤᠰᠤ ᠶᠢ ᠭᠠᠶᠢᠬᠠᠮᠰᠢᠭ ᠪᠦᠷᠢᠳᠴᠦ᠂ ᠦᠵᠡᠰᠭᠦᠯᠡᠩ ᠲᠠᠢ ᠠᠭᠠᠳ ᠲᠠᠭᠠᠯᠠᠮᠵᠢᠲᠠᠢ ᠰᠠᠨᠠᠭᠲᠠᠭᠰᠠᠨ ᠤᠴᠢᠷᠲᠠᠢ᠃ ᠰᠢᠯᠢᠲᠡᠭ ᠰᠠᠶᠢᠨ ᠪᠠᠶᠢᠭᠠᠯᠢ ᠣᠷᠴᠢᠨ ᠭᠡᠵᠦ ᠦᠵᠡᠵᠦ ᠪᠠᠭ᠋ᠠᠲᠤᠭᠠᠳ ᠬᠠᠨᠣᠰᠢ ᠦᠭᠡᠢ ᠦᠯᠡᠮᠵᠢ ᠶᠢᠨ ᠰᠠᠶᠢᠬᠠᠨ ᠢ ᠬᠠᠷᠠᠭᠤᠯᠬᠤ ᠲᠡᠲᠦᠢ ᠦᠭᠡᠢ ᠦᠬᠡ ᠬᠡᠯᠡ ᠪᠠᠷ ᠢᠯᠡᠳᠭᠡᠵᠦ ᠴᠢᠲᠠᠰᠢ ᠦᠭᠡᠢ ᠲᠠᠶᠢᠳᠬᠤᠷᠠᠯ ᠪᠠᠶᠠᠰᠤᠯ ᠣᠯᠭᠤᠬᠤ ᠰᠢᠲᠢ ᠲᠠᠢ ᠪᠢᠯᠡ᠃ ᠲᠡᠷᠡ ᠨᠢ ᠰᠤᠷᠢᠨᠵᠢᠨ ᠭᠦᠷᠦ ᠰᠢᠭ ᠦᠪᠡᠷ ᠢᠶᠠᠨ ᠲᠠᠲᠠᠬᠤ ᠬᠦᠴᠦᠨ ᠲᠠᠢ ᠪᠠᠶᠢᠵᠤ᠂ ᠤᠷᠤᠰᠢᠨ ᠰᠠᠭᠤᠷᠢᠰᠢᠬᠰᠠᠨ ᠬᠦᠮᠦᠨ ᠠᠷᠠᠳ ᠲᠠᠭᠠᠨ ᠠᠮᠢᠲᠤᠷᠠᠯ ᠬᠡᠷᠡᠭᠰᠡᠯ ᠤᠨ ᠵᠦᠢᠯᠡᠰ ᠤᠯᠭᠤᠵᠤ᠂ ᠬᠠᠶᠢᠷ᠎ᠠ ᠪᠠᠨ ᠶᠡᠬᠦᠯᠡᠬᠦ ᠲᠡᠲᠦᠢ ᠦᠭᠡᠢ ᠴᠢᠨᠠᠬᠰᠢᠯᠠᠨ ᠠᠵᠣ ᠠᠬᠤᠢ ᠶᠢ ᠣᠷᠣᠯᠭ᠎ᠠ ᠡᠬᠦᠳᠴᠦ᠂ ᠠᠮᠢ ᠠᠬᠤᠢ ᠣᠷᠴᠢᠨ ᠲᠤᠭᠤᠷᠢᠨ ᠤ ᠡᠬᠢ ᠪᠠᠶᠠᠯᠢᠭ ᠪᠣᠯ ᠠᠵᠤ ᠠᠬᠤᠢ ᠶᠢ ᠡᠬᠢ ᠪᠠᠶᠠᠯᠢᠭ ᠭᠡᠰᠡᠨ ᠪᠠᠲᠤᠶᠤᠰᠤ ᠶᠢ ᠭᠡᠷᠡᠴᠢᠯᠠᠵᠦ ᠪᠠᠲᠤᠯᠠᠵᠤ ᠪᠠᠶᠢᠳᠠᠭ᠃       ᠵᠤᠬᠢᠬᠤ ᠤᠳᠭ᠎ᠠ ᠠᠴᠠ ᠠᠪᠴᠤ ᠬᠡᠯᠡᠪᠡᠯ᠂ ᠬᠦᠮᠦᠨ ᠪᠣᠯ ᠪᠠᠶᠢᠭᠠᠯᠢ ᠤᠷᠴᠢᠨ ᠤ ᠪᠦᠲᠦᠭᠡᠭᠳᠡᠬᠦᠨ ᠪᠢᠯᠡ᠃ ᠰᠢᠯᠢᠲᠡᠭ ᠰᠠᠶᠢᠨ ᠠᠮᠢ ᠠᠬᠤᠢ ᠣᠷᠴᠢᠨ ᠲᠣᠭᠤᠷᠢᠨ ᠪᠣᠯ ᠪᠢᠲᠡᠨ ᠤ ᠣᠷᠣᠰᠢᠨ ᠰᠠᠭᠤᠷᠢᠰᠢᠬᠤ ᠦᠨᠳᠦᠰᠦᠨ ᠪᠠᠲᠣᠯᠠᠭ᠎ᠠ ᠪᠣᠯᠬᠤ ᠪᠠᠷ ᠪᠠᠷᠠᠬᠤ ᠦᠭᠡᠢ ᠦᠶ᠎ᠡ ᠦᠶ᠎ᠡ ᠶᠢᠨ ᠬᠦᠮᠦᠰ ᠤᠨ ᠡᠷᠢᠯ ᠬᠦᠭᠡᠭᠡᠴᠡᠯᠲᠦᠯ ᠪᠣᠯᠬᠤ ᠶᠣᠮ᠃ ᠤᠲᠤᠲᠡᠢ ᠲᠡᠭᠷᠢ ᠤᠷᠴᠢᠵᠦ ᠤᠯᠠᠨ ᠵᠢᠯ ᠤᠯᠠᠷᠢᠬᠰᠠᠨ ᠴᠦ ᠰᠠᠶᠢᠨ ᠰᠠᠶᠢᠬᠠᠨ ᠠᠮᠢ ᠠᠬᠤᠢ ᠤᠷᠴᠢᠨ ᠲᠤᠭᠤᠷᠢᠨ ᠤ ᠲᠤᠬᠠᠢ ᠬᠦᠮᠦᠰ ᠤᠨ ᠬᠦᠰᠡᠯ ᠮᠦᠷᠦᠭᠡᠲᠦᠯ ᠶᠡᠷᠦ ᠠᠴᠠ ᠬᠤᠪᠢᠷᠠᠭ᠎ᠠ ᠦᠭᠡᠢ᠃ ᠣᠰᠣᠨ ᠤ ᠲᠣᠩᠭᠠᠯᠠᠬ᠂ ᠡᠪᠡᠰᠦᠨ ᠤ ᠰᠣᠷᠭᠤᠬ ᠢ ᠲᠠᠭᠠᠵᠦ ᠨᠡᠬᠦᠲᠡᠯᠯᠡᠬᠦ ᠭᠡᠵᠦ ᠡᠪᠦᠭᠡᠳ ᠠᠴᠠ ᠣᠯᠠᠮᠵᠢᠯᠠᠬᠰᠠᠨ ᠠᠮᠢᠲᠣᠷᠠᠯ ᠤᠨ ᠣᠬᠠᠭᠠᠨ᠃ ︽ᠬᠦᠬᠡᠮᠲᠦᠭ ᠨᠣᠭᠤᠭᠠᠨ ᠠᠭᠤᠯᠠ ᠣᠰᠣ ᠪᠣᠯ ᠠᠯᠲᠠ ᠮᠦᠩᠬᠦᠨ ᠠᠭᠤᠯᠠ︾ ᠭᠡᠵᠦ ᠡᠲᠦᠭᠡ ᠶᠢᠨ ᠬᠦᠮᠦᠰ ᠤᠨ ᠵᠣᠷᠢᠯᠲᠠ ᠪᠠᠷᠢᠮᠲᠠᠯᠠᠯ ᠃ ᠢᠯᠠᠩᠭᠤᠶ᠎ᠠ ᠠᠮᠢᠲᠣᠷᠠᠯ ᠴᠢᠨᠡᠭᠡᠯᠢᠭᠵᠢᠬᠦ ᠶᠢᠨ ᠣᠯᠠᠮ ᠢᠶᠠᠷ ᠬᠦᠮᠦᠰ ᠤᠨ ᠠᠮᠢ ᠠᠬᠤᠢ ᠶᠢᠨ ᠲᠣᠬᠠᠢ ᠬᠦᠰᠡᠯ ᠱᠠᠭᠠᠷᠲᠠᠯᠭ᠎ᠠ ᠴᠦ ᠦᠨᠳᠦᠷᠵᠢᠵᠦ᠂ ᠡᠳᠦᠷ ᠲᠣᠲᠣᠮ ᠤᠨ ᠣᠣᠭᠤᠬᠤ ᠣᠰᠣ᠂ ᠠᠮᠣ ᠬᠦᠨᠡᠰᠦ ᠠᠴᠠ ᠡᠬᠢᠯᠡᠨ ᠠᠮᠢᠰᠬᠤᠬᠤ ᠠᠭᠠᠷ᠂ ᠠᠮᠢᠲᠣᠷᠠᠵᠦ ᠪᠣᠢ ᠪᠠᠶᠢᠭᠠᠯᠢ ᠣᠷᠴᠢᠨ ᠳᠠᠭᠠᠨ ᠬᠦᠷᠲᠡᠯ᠎ᠡ ᠪᠣᠬᠢᠷᠲᠣᠯ ᠦᠭᠡᠢ᠂ ᠴᠡᠪᠡᠷ ᠪᠠᠶᠢᠭᠠᠯᠢᠯᠢᠬ ᠭᠡᠬᠦ ᠬᠠᠲᠠᠭᠤ ᠴᠢᠩᠭ᠎ᠠ ᠱᠠᠭᠠᠷᠲᠠᠯᠭ᠎ᠠ ᠲᠠᠯᠪᠢᠵᠤ᠂ ᠰᠢᠯᠢᠳᠡᠭ ᠰᠠᠶᠢᠨ ᠠᠮᠢ ᠠᠬᠤᠢ ᠤᠷᠴᠢᠨ ᠲᠤᠭᠤᠷᠢᠨ ᠨᠢ ᠴᠢᠨᠡᠭᠡᠯᠢᠭ ᠵᠢᠷᠭᠠᠯᠲᠤ ᠠᠮᠢᠲᠤᠷᠠᠯ ᠤᠨ ᠴᠢᠬᠤᠯᠠ ᠠᠭᠤᠯᠭ᠎ᠠ ᠪᠠ ᠬᠡᠮᠵᠢᠬᠦᠷ ᠪᠤᠯᠤᠭᠰᠠᠨ ᠪᠠᠶᠢᠨ᠎ᠠ᠃       ᠰᠠᠶᠢᠨ ᠰᠢᠪᠠᠭᠤ ᠮᠤᠳᠤ ᠰᠤᠩᠭᠤᠵᠤ ᠰᠠᠭᠤᠳᠠᠭ ᠭᠡᠵᠤ ᠭᠡᠯᠡᠳᠡᠭ᠃ ᠰᠢᠯᠢᠲᠡᠭ ᠰᠠᠶᠢᠬᠠᠨ ᠠᠮᠢ ᠠᠬᠤᠢ ᠤᠷᠴᠢᠨ ᠲᠤᠭᠤᠷᠢᠨ ᠳᠤ ᠬᠦᠮᠦᠰ ᠰᠡᠳᠭᠢᠯ ᠲᠠᠲᠠᠭᠳᠠᠵᠤ ᠤᠶᠠᠭᠳᠠᠳᠠᠭ᠃ ᠪᠢᠳᠡ ᠠᠮᠢ ᠠᠬᠤᠢ ᠣᠷᠴᠢᠨ ᠲᠣᠭᠤᠷᠢᠨ ᠤ ᠠᠰᠠᠭᠤᠲᠠᠯ ᠢ ᠠᠷᠠᠳ ᠤᠨ ᠠᠮᠢᠲᠣᠷᠠᠯ ᠤᠨ ᠠᠰᠠᠭᠤᠲᠠᠯ ᠪᠣᠯᠭᠠᠵᠦ᠂ ᠨᠢᠲᠣᠨ ᠴᠡᠴᠡᠭᠡᠢ ᠪᠠᠨ ᠬᠠᠶᠢᠷᠠᠯᠠᠬᠤ ᠰᠢᠬ ᠠᠮᠢ ᠠᠬᠤᠢ ᠣᠷᠴᠢᠨ ᠲᠣᠭᠤᠷᠢᠨ ᠢ ᠬᠠᠶᠢᠷᠠᠯᠠᠵᠦ᠂ ᠠᠮᠢ ᠨᠠᠰᠣ ᠶᠢ ᠲᠡᠭᠡᠲᠦᠯᠡᠬᠦ ᠠᠲᠠᠯᠢ ᠠᠮᠢ ᠠᠬᠤᠢ ᠣᠷᠴᠢᠨ ᠲᠣᠭᠤᠷᠢᠨ ᠢ ᠬᠦᠨᠳᠦᠳᠭᠡᠵᠦ᠂ ᠠᠷᠠᠳ ᠤᠨ ᠠᠮᠢᠲᠣᠷᠠᠯ ᠢ ᠰᠠᠶᠢᠵᠢᠷᠠᠭᠤᠯᠬᠤ ᠪᠠ ᠠᠵᠠ ᠵᠢᠷᠭᠠᠯ ᠣᠯᠭᠤᠬᠤ ᠡᠬᠦᠲᠡᠨ ᠠᠴᠠ ᠠᠮᠢ ᠠᠬᠤᠢ ᠣᠷᠴᠢᠨ ᠲᠣᠭᠤᠷᠢᠨ ᠢ ᠰᠠᠶᠢᠵᠢᠷᠠᠭᠤᠯᠵᠦ ᠂ ᠠᠮᠢ ᠠᠬᠤᠢ ᠤᠷᠴᠢᠨ ᠲᠣᠭᠤᠷᠢᠨ ᠤ ᠬᠠᠮᠠᠭᠠᠯᠠᠯᠲᠠ ᠪᠠᠨ ᠴᠢᠩᠭᠠᠳᠬᠠᠪᠠᠯ ᠰᠠᠶ᠋ᠢ ᠠᠭᠠᠷ ᠲᠡᠭᠷᠢ ᠬᠥᠬᠡ ᠪᠠᠷ ᠢᠶᠠᠨ᠂ ᠠᠭᠤᠲᠠᠮ ᠲᠠᠯ᠎ᠠ ᠨᠤᠭᠤᠭᠠᠨ ᠢᠶᠠᠷ ᠢᠶᠠᠨ᠂ ᠠᠮᠢᠲᠤᠷᠠᠯ ᠦᠵᠡᠮᠵᠢ ᠲᠡᠬᠦᠰ ᠪᠠᠶᠢᠬᠤ ᠶᠢ ᠪᠠᠲᠤᠯᠠᠵᠤ ᠴᠢᠲᠠᠬᠤ ᠪᠤᠯᠤᠨ᠎ᠠ᠃
ᠢᠷᠡᠯᠲᠡ᠄ ᠤᠷᠳᠤᠰ ᠤᠨ ᠡᠳᠤᠷ ᠤᠨ ᠰᠤᠨᠢᠨ