︽ᠮᠢᠨᠦ ᠬᠠᠴᠠᠷ ᠨᠢᠭᠤᠷ ᠲᠡᠭᠦᠨ ᠳᠤ ᠦᠭᠡᠶᠢᠬᠢᠭᠳᠡᠪᠡ︾᠂ ᠡᠶᠢᠮᠦ ᠬᠤᠷᠣᠬᠠᠢ ᠶᠢ ᠪᠢᠲᠡᠭᠡᠢ ᠠᠯᠠᠭᠠᠳᠠᠵᠤ ᠠᠯᠠ ︕
ᠨᠡᠶᠢᠲᠡᠯᠡᠭᠰᠡᠨ ᠴᠠᠭ᠄
2023/6/6
        ︽ᠮᠢᠨᠦ ᠬᠠᠴᠠᠷ ᠨᠢᠭᠤᠷ ᠤᠬᠤᠷ ᠲᠠᠯᠠᠪᠴᠢᠳᠦ ᠴᠤᠬᠤ ᠳᠤ ᠦᠭᠡᠶᠢᠬᠢᠭᠳᠡᠪᠡ︕︾ ᠭᠡᠳᠡᠭ  ᠶᠠᠷᠢᠶ᠎ᠠ ᠨᠢ ᠥᠨᠥᠳᠦᠷ ᠪᠢᠴᠢᠯ ᠪᠯᠤᠭ ᠤᠨ ᠬᠠᠯᠠᠭᠤᠨ ᠡᠷᠢᠯᠳᠡ ᠪᠤᠯᠵᠤ᠂ ᠴᠥᠭᠡᠨ ᠪᠤᠰᠤ ᠰᠦᠯᠵᠢᠶᠡᠨ ᠨᠠᠶᠢᠵᠠ ᠨᠠᠷ ᠰᠢᠷᠬ᠎ᠠ ᠰᠣᠷᠪᠢ ᠪᠠᠨ ᠰᠦᠯᠵᠢᠶ᠎ᠡ ᠲᠡᠭᠡᠷ᠎ᠡ ᠲᠠᠯᠪᠢᠵᠦ ᠦᠵᠡᠬᠦᠯᠪᠡ ᠁                 ᠤᠳᠤᠷᠢᠳᠤᠯᠭ᠎ᠠ ᠡ᠂ ᠪᠢ ᠪᠣᠯ ᠰᠢᠶᠣᠤ ᠮᠢᠩ᠄ ᠡᠶᠢᠮᠦ ᠬᠤᠷᠣᠬᠠᠢ ᠶᠢ ᠣᠯᠵᠤ ᠦᠵᠡᠪᠡᠯ᠂  ᠪᠢᠲᠡᠭᠡᠢ ᠠᠯᠠᠭᠠᠳᠠᠵᠤ ᠠᠯᠠ᠂ ᠦᠯᠢᠶᠡᠵᠦ ᠦᠷᠭᠦᠭᠡᠬᠦ ᠪᠤᠶᠤ ᠨᠢᠰᠠᠯᠠᠵᠤ ᠶᠠᠪᠤᠭᠤᠯ᠂ ᠳᠠᠷᠠᠭ᠎ᠠ ᠨᠢ ᠪᠠᠷᠢᠨ  ᠲᠤᠤᠷ᠎ᠠ ᠪᠠᠨ ᠰᠠᠪᠤᠩ ᠲᠠᠢ ᠤᠰᠤ ᠪᠠᠷ ᠨᠢᠭᠤᠷ ᠭᠠᠷ ᠢᠶᠠᠨ ᠤᠬᠢᠶᠠᠵᠤ᠂ ᠢᠯᠡᠭᠦᠦ ᠬᠡᠲᠦ ᠤᠳᠠᠭ᠎ᠠ ᠤᠬᠢᠶᠠ᠃ ᠴᠤᠬᠤ ᠬᠤᠷᠣᠬᠠᠢ ᠶᠢᠨ ᠪᠡᠶ᠎ᠡ ᠳᠣᠲᠣᠷ᠎ᠠ ᠬᠤᠤᠷ ᠪᠠᠶᠢᠳᠠᠭ ᠪᠤᠯᠬᠤᠷ ᠬᠠᠴᠠᠷ ᠨᠢᠭᠤᠷ ᠲᠡᠭᠡᠷ᠎ᠡ ᠪᠠᠨ ᠠᠯᠠᠭᠠᠳᠠᠵᠤ ᠠᠯᠠᠪᠠᠯ ᠴᠦᠪᠦᠷᠢᠭᠦᠳᠡᠵᠦ ᠢᠳᠡᠭᠡᠯᠡᠨ᠎ᠡ᠂ ᠬᠦᠨᠳᠦᠷᠡᠬᠦ ᠦᠶ᠎ᠡ ᠳᠤ ᠪᠠᠰᠠ ᠬᠠᠯᠠᠭᠤᠷᠠᠵᠤ ᠮᠡᠳᠡᠨ᠎ᠡ᠃                ᠬᠤ᠋ ᠣᠪᠣᠭᠲᠤ JO ᠶᠠ᠄ ᠨᠢᠳᠤᠨᠤᠨ ᠵᠤᠨ ᠡᠨᠡ ᠬᠤᠷᠣᠬᠠᠢ ᠳᠤ ᠬᠠᠴᠠᠷ ᠨᠢᠭᠤᠷ  ᠦᠭᠡᠶᠢᠬᠢᠭᠳᠡᠪᠡ᠂ ᠮᠠᠩᠨᠠᠢ ᠲᠡᠭᠡᠷᠡᠬᠢ ᠨᠢᠭᠡ ᠬᠡᠰᠡᠭ ᠭᠠᠵᠠᠷ ᠪᠤᠯᠤᠨ ᠭᠠᠷ ᠲᠡᠭᠡᠷᠡᠬᠢ ᠬᠤᠶᠠᠷ ᠬᠡᠰᠡᠭ ᠭᠠᠵᠠᠷ ᠲᠤ ᠦᠯᠡᠳᠡᠭᠰᠡᠨ ᠰᠣᠷᠪᠢ ᠨᠢ ᠤᠳᠤ ᠪᠣᠯᠲᠠᠯ᠎ᠠ ᠪᠦᠷ ᠬᠠᠷᠠᠬᠳᠠᠬᠰᠠᠭᠠᠷ ᠪᠠᠶᠢᠨ᠎ᠠ ᠁ ᠬᠡᠪᠡ᠃        ᠤᠬᠤᠷ ᠲᠠᠯᠠᠪᠴᠢᠳᠦ ᠴᠤᠬᠤ ᠦᠨᠡᠨᠳᠡᠭᠡᠨ ᠬᠥᠮᠦᠨ ᠬᠠᠵᠠᠳᠠᠭ ᠦᠭᠡᠢ ᠶᠤᠮ᠂ ᠡᠨᠡ ᠬᠤᠷᠤᠬᠠᠢ  ᠬᠥᠮᠦᠨ ᠤ ᠠᠷᠠᠰᠤ ᠮᠢᠬᠠᠨ ᠲᠡᠭᠡᠷ᠎ᠡ ᠢᠷᠡᠵᠦ ᠰᠠᠭᠤᠪᠠᠯ᠂ ᠬᠦᠮᠦᠰ ᠦᠷᠭᠦᠯᠵᠢ ᠲᠡᠭᠦᠨ ᠢ ᠠᠯᠠᠭᠠᠳᠠᠨ ᠠᠯᠠᠬᠤ ᠪᠤᠶᠤ ᠪᠢᠯᠴᠠᠯᠠᠵᠤ ᠠᠯᠠᠳᠠᠭ᠂ ᠡᠨᠡ‌ᠦᠶ᠎ᠡ ᠳᠤ᠂ ᠬᠤᠤᠷᠲᠤ ᠰᠢᠩᠭᠡᠨ ᠨᠢ ᠶᠡᠭᠡ ᠬᠡᠮᠵᠢᠶ᠎ᠡ ᠪᠠᠷ ᠦᠰᠦᠷᠦᠨ ᠭᠠᠷᠳᠠᠭ ᠪᠦᠭᠡᠳ ᠮᠠᠰᠢ ᠶᠡᠭᠡ ᠬᠦᠴᠢᠯᠯᠢᠭ  ᠴᠢᠨᠠᠷ ᠲᠠᠢ ᠪᠠᠶᠢᠳᠠᠭ᠂ ᠲᠡᠷᠡᠴᠢᠯᠡᠨ ᠬᠥᠮᠦᠨ ᠤ ᠠᠷᠠᠰᠤ ᠮᠢᠬ᠎ᠠ ᠶᠢ ᠢᠳᠡᠭᠳᠡᠭᠦᠯᠬᠦ ᠴᠢᠨᠠᠷ ᠢᠶᠠᠷ ᠴᠤ ᠮᠠᠰᠢ ᠶᠡᠭᠡ ᠪᠠᠶᠢᠳᠠᠭ᠃                ᠡᠶᠢᠮᠦ ᠠᠴᠠ᠂ ᠡᠶᠢᠮᠦ ᠬᠤᠷᠣᠬᠠᠶ ᠲᠠᠢ ᠲᠠᠭᠠᠷᠠᠯᠳᠤᠪᠠᠯ᠂ ᠪᠢᠲᠡᠭᠡᠶ ᠴᠣᠬᠢᠵᠤ ᠠᠯᠠ᠂ ᠵᠥᠪᠬᠡᠨ ᠦᠯᠢᠶᠡᠨ ᠦᠷᠭᠦᠭᠡᠵᠦ ᠶᠠᠪᠤᠭᠤᠯᠪᠠᠯ ᠪᠣᠯᠴᠢᠬᠠᠨ᠎ᠠ᠃
ᠢᠷᠡᠯᠲᠡ᠄ ᠠᠷᠠᠳ ᠤᠨ ᠰᠦᠯᠵᠢᠶ᠎ᠡ