ᠱᠠᠭ᠎ᠠ ᠪᠠᠷ ᠠᠵᠠ ᠬᠡᠶᠢᠮᠣᠷᠢ ᠰᠢᠨᠵᠢᠬᠦ
ᠨᠡᠶᠢᠲᠡᠯᠡᠭᠰᠡᠨ ᠴᠠᠭ᠄
2023/6/1
          ᠲᠣᠰ ᠲᠤᠭᠯᠠᠭᠠᠮ ᠳᠤ ᠬᠡᠳᠦᠨ ᠬᠦᠮᠦᠨ ᠣᠷᠤᠭᠰᠠᠨ ᠴᠦ ᠪᠤᠯᠤᠨ᠎ᠠ᠃ ᠨᠠᠭᠠᠳᠤᠮ ᠳᠤ ᠱᠠᠭ᠎ᠠ ᠬᠡᠷᠡᠭᠯᠡᠬᠦ ᠪᠦᠭᠡᠳ ᠲᠡᠭᠦᠨ ᠢᠶᠠᠨ ᠲᠦᠷᠪᠡᠨ ᠪᠡᠷᠬᠡ ᠣᠷᠭᠢᠬᠤ ᠭᠡᠳᠡᠭ᠃ ᠲᠦᠷᠪᠡᠨ ᠱᠠᠭ᠎ᠠ ᠶᠢ ᠮᠤᠷᠢ᠂ ᠲᠡᠮᠡᠭᠡ᠂ ᠬᠤᠨᠢ᠂ ᠢᠮᠠᠭ᠎ᠠ ᠪᠤᠯᠭᠠᠵᠤ ᠣᠷᠬᠢᠬᠤ ᠳᠤ ᠪᠡᠷᠬᠡ ᠲᠠᠢ ᠪᠤᠯᠬᠤᠷ ᠲᠦᠷᠪᠡᠨ ᠪᠡᠷᠬᠡ ᠭᠡᠵᠤ ᠨᠡᠷᠡᠯᠡᠵᠡᠢ᠃ ᠲᠦᠷᠪᠡᠨ ᠪᠡᠷᠬᠡ ᠣᠷᠬᠢᠵᠤ ᠬᠡᠶᠢᠮᠣᠷᠢ ᠰᠢᠨᠵᠢᠬᠦ ᠳᠡᠭᠡᠨ ᠮᠣᠷᠢ᠂ ᠬᠤᠨᠢ ᠶᠢ ᠬᠠᠯᠠᠭᠤᠨ ᠬᠤᠰᠢᠭᠤᠳᠤ ᠭᠡᠵᠤ ᠪᠡᠯᠭᠡᠰᠢᠶᠡᠨ ᠦᠵᠡᠬᠦ ᠵᠠᠩᠰᠢᠯ ᠲᠠᠢ᠃ ᠱᠠᠭ᠎ᠠ ᠶᠢ ᠪᠠᠷᠠᠭᠤᠨ ᠭᠠᠷ ᠲᠤ ᠪᠠᠨ ᠠᠪᠴᠣ᠂ ᠲᠡᠭᠰᠢ ᠵᠦᠭᠡᠯᠡᠨ ᠲᠠᠯᠠᠪᠠᠢ ᠳᠤ ᠣᠷᠬᠢᠨ᠎ᠠ᠃ ᠲᠦᠷᠪᠡᠨ ᠪᠡᠷᠬᠡ ᠶᠢ ᠣᠷᠬᠢᠬᠤ ᠳᠤ 32 ᠲᠤᠬᠢᠶᠠᠯᠳᠣᠯ ᠪᠠᠶᠢᠳᠠᠭ᠃ ᠲᠣᠬᠠᠶᠢᠯᠠᠪᠠᠯ ᠮᠤᠷᠢ ᠪᠠᠭᠤᠬᠤ ᠦᠭᠡᠢ᠂ ᠪᠣᠰᠣᠳ ᠨᠢ ᠦᠭᠡᠷᠡᠴᠢᠯᠡᠭᠳᠡᠬᠦ 13 ᠲᠤᠬᠢᠶᠠᠯᠳᠣᠯ᠃ ᠮᠣᠷᠢ 1 ᠪᠠᠭᠤᠵᠤ᠂ ᠪᠤᠠᠰᠣᠳ ᠨᠢ ᠦᠭᠡᠷᠡᠴᠢᠯᠡᠭᠳᠡᠬᠦ9 ᠲᠤᠬᠢᠶᠠᠯᠳᠣᠯ᠃ ᠮᠤᠷᠢ 2 ᠪᠠᠭᠤᠵᠤ᠂ ᠪᠣᠰᠣᠳ ᠨᠢ ᠦᠭᠡᠷᠡᠴᠢᠯᠡᠭᠳᠡᠬᠦ 6 ᠲᠤᠬᠢᠶᠠᠯᠳᠣᠯ᠂ ᠮᠤᠷᠢ 3 ᠪᠠᠭᠤᠵᠤ ᠪᠣᠰᠣᠳ ᠨᠢ ᠦᠭᠡᠷᠡᠴᠢᠯᠡᠭᠳᠡᠬᠦ 3 ᠲᠤᠬᠢᠶᠠᠯᠳᠣᠯ᠂ ᠮᠤᠷᠢ 4 ᠪᠠᠭᠤᠬᠤ 1 ᠲᠤᠬᠢᠶᠠᠯᠳᠤᠯ᠃ ᠡᠭᠦᠨ ᠢ ᠲᠣᠣᠷᠠᠬᠢ ᠮᠡᠳᠤ ᠲᠠᠶᠢᠯᠪᠤᠷᠢᠯᠠᠨ᠎ᠠ᠃    —— ᠲᠦᠷᠪᠡᠨ ᠮᠤᠷᠢ ᠪᠠᠭᠤᠪᠠᠯ ᠲᠦᠷᠪᠡᠨ ᠪᠡᠷᠬᠡ ᠶᠢᠨ ᠲᠡᠭᠡᠳᠤ ᠲᠦᠯᠭᠡ᠃    —— ᠲᠦᠷᠪᠡᠨ ᠲᠡᠮᠡᠭᠡ ᠪᠠᠭᠤᠪᠠᠯ ᠬᠦᠰᠡᠭᠰᠡᠨ ᠪᠦᠬᠦᠨ ᠰᠠᠭᠠᠳ ᠦᠭᠡᠢ᠃    —— ᠲᠦᠷᠪᠡᠨ ᠬᠤᠨᠢ ᠪᠠᠭᠤᠪᠠᠯ ᠣᠷᠳᠤ ᠣᠳᠠᠭᠠᠨ ᠦᠯᠵᠡᠶᠢᠳᠡᠢ᠃    —— ᠲᠦᠷᠪᠡᠨ ᠢᠮᠠᠭ᠎ᠠ ᠪᠠᠭᠤᠪᠠᠰᠣ ᠪᠣᠰᠣᠳ` ᠤᠨ ᠭᠠᠷ ᠲᠤ ᠣᠷᠤᠨ᠎ᠠ᠃    —— ᠭᠤᠷᠪᠠᠨ ᠮᠣᠷᠢ᠂ ᠨᠢᠭᠡ ᠲᠡᠮᠡᠭᠡ ᠪᠠᠭᠤᠪᠠᠯ ᠬᠤᠷᠳᠤᠨ ᠢᠷᠡᠬᠦ ᠣᠴᠢᠬᠤ᠃    —— ᠭᠤᠷᠪᠠᠨ ᠮᠣᠷᠢ᠂ ᠨᠢᠭᠡ ᠬᠤᠨᠢ ᠪᠠᠭᠤᠪᠠᠯ ᠰᠠᠭᠠᠳ ᠦᠭᠡᠢ᠃    —— ᠭᠤᠷᠪᠠᠨ ᠮᠤᠷᠢ᠂ ᠨᠢᠭᠡ ᠲᠡᠮᠡᠭᠡ᠂ ᠨᠢᠭᠡ ᠬᠤᠨᠢ ᠪᠠᠭᠤᠪᠠᠯ ᠰᠠᠶᠢᠨ᠃    —— ᠬᠤᠶᠠᠷ ᠮᠤᠷᠢ ᠨᠢᠭᠡ ᠢᠮᠠᠭ᠎ᠠ᠂ ᠨᠢᠭᠡ ᠬᠤᠨᠢ ᠪᠠᠭᠤᠪᠠᠯ ᠰᠠᠭᠠᠳ ᠦᠭᠡᠢ ᠰᠠᠶᠢᠨ᠃    —— ᠬᠤᠶᠠᠷ ᠮᠣᠷᠢ ᠨᠢᠭᠡ ᠲᠡᠮᠡᠭᠡ᠂ ᠨᠢᠭᠡ ᠢᠮᠠᠭ᠎ᠠ ᠪᠠᠭᠤᠪᠠᠯ ᠦᠯᠵᠡᠶᠢᠳᠡᠢ ᠰᠠᠶᠢᠨ᠃    —— ᠬᠤᠶᠠᠷ ᠲᠡᠮᠡᠭᠡ᠂ ᠬᠤᠶᠠᠷ ᠮᠤᠷᠢ ᠪᠠᠭᠤᠪᠠᠯ ᠠᠵᠢᠯ ᠪᠦᠳᠦᠮᠵᠢᠳᠠᠢ᠃      —— ᠬᠤᠶᠠᠷ ᠮᠣᠷᠢ᠂ ᠬᠤᠶᠠᠷ ᠬᠤᠨᠢ ᠪᠠᠭᠤᠪᠠᠯ ᠠᠵᠢᠯ ᠦᠢᠯᠡᠰ ᠰᠠᠭᠠᠳ ᠦᠭᠡᠢ ᠪᠦᠳᠦᠬᠦ᠃    —— ᠨᠢᠭᠡ ᠮᠤᠷᠢ᠂ ᠭᠤᠷᠪᠠᠮ ᠲᠠᠮᠡᠭᠡ ᠪᠠᠭᠤᠪᠠᠯ ᠦᠪᠡᠷ ᠤᠨ ᠲᠠᠯ᠎ᠠ ᠳᠤ ᠪᠠᠳᠣ᠃    ——᠂ ᠨᠢᠭᠡ ᠮᠤᠷᠢ᠂ ᠭᠤᠷᠪᠠᠨ ᠬᠤᠨᠢ ᠪᠠᠭᠤᠪᠠᠯ ᠣᠷᠳᠤ ᠣᠳᠠᠭᠠᠨ ᠪᠠᠶᠠᠷ ᠲᠠᠢ᠃    —— ᠨᠢᠭᠡ ᠮᠤᠷᠢ᠂ ᠭᠤᠷᠪᠠᠨ ᠢᠮᠠᠭ᠎ᠠ ᠪᠠᠭᠤᠪᠠᠯ ᠬᠠᠷ᠎ᠠ ᠴᠠᠭᠠᠨ ᠬᠡᠯᠡ ᠠᠮᠠ ᠲᠠᠢ᠃    —— ᠨᠢᠭᠡ ᠮᠣᠷᠢ᠂ ᠬᠤᠶᠠᠷ ᠲᠡᠮᠡᠭᠡ᠂ ᠨᠢᠭᠡ ᠬᠤᠨᠢ ᠪᠠᠭᠤᠪᠠᠯ ᠦᠨᠡᠨ ᠳᠤ ᠦᠢᠷ᠎ᠠ ᠶᠢ ᠬᠦᠰᠡᠬᠦ᠃    —— ᠨᠢᠭᠡ ᠮᠣᠷᠢ᠂ ᠨᠢᠭᠡ ᠲᠡᠮᠡᠭᠡ᠂ ᠬᠤᠶᠠᠷ ᠬᠤᠨᠢ ᠪᠠᠭᠤᠪᠠᠯ ᠡᠳ᠋᠂ ᠬᠦᠮᠦᠨ ᠳᠤ ᠴᠢᠮᠡᠭᠡ ᠢᠷᠡᠬᠦ᠃    —— ᠨᠢᠭᠡ ᠮᠣᠷᠢ᠂ ᠨᠢᠭᠡ ᠲᠡᠮᠡᠭᠡ᠂ ᠬᠤᠶᠠᠷ ᠢᠮᠠᠭ᠎ᠠ ᠪᠠᠭᠤᠪᠠᠯ ᠠᠵᠢᠯ ᠳᠤ ᠪᠦᠳᠦᠮᠵᠢᠳᠠᠢ᠃    —— ᠨᠢᠭᠡ ᠮᠤᠷᠢ᠂ ᠬᠤᠶᠠᠷ ᠬᠤᠨᠢ᠂ ᠨᠢᠭᠡ ᠢᠮᠠᠭ᠎ᠠ ᠪᠠᠭᠤᠪᠠᠯ ᠬᠡᠯᠡ ᠠᠮᠠ ᠰᠠᠶᠢᠨ ᠲᠠᠯ᠎ᠠ ᠳᠤ ᠪᠠᠶᠠᠷ ᠲᠠᠢ᠃    —— ᠨᠢᠭᠡ ᠮᠤᠷᠢ᠂ ᠬᠤᠶᠠᠷ ᠲᠡᠮᠡᠭᠡ᠂ ᠨᠢᠭᠡ ᠢᠮᠠᠭ᠎ᠠ ᠪᠠᠭᠤᠪᠠᠯ ᠬᠡᠷᠡᠭ ᠶᠠᠪᠣᠳᠠᠯ ᠳᠤ ᠰᠠᠭᠠᠳ ᠦᠭᠡᠢ᠃    —— ᠨᠢᠭᠡ ᠮᠣᠷᠢ᠂ ᠨᠢᠭᠡ ᠲᠡᠮᠡᠭᠡ᠂ ᠨᠢᠭᠡ ᠬᠤᠨᠢ᠂ ᠨᠢᠭᠡ ᠢᠮᠠᠭ᠎ᠠ ᠪᠠᠭᠤᠪᠠᠯ ᠲᠡᠷᠢᠭᠦᠨ ᠲᠦᠯᠭᠡ᠃    —— ᠬᠤᠶᠠᠷ ᠲᠡᠮᠡᠭᠡ᠂ ᠨᠢᠭᠡ ᠬᠤᠨᠢ᠂ ᠨᠢᠭᠡ ᠢᠠᠮᠠᠭ᠎ᠠ ᠪᠠᠭᠤᠪᠠᠯ ᠦᠢᠯᠡᠰ ᠪᠦᠳᠦᠮᠵᠢᠳᠠᠢ᠃    —— ᠬᠤᠶᠠᠷ ᠲᠡᠮᠡᠭᠡ᠂ ᠬᠤᠶᠠᠷ ᠬᠤᠨᠢ ᠪᠠᠭᠤᠪᠠᠯ ᠦᠪᠡᠷ ᠤᠨ ᠲᠠᠯ᠎ᠠ ᠳᠤ ᠪᠣᠯᠪᠠᠴᠤ ᠲᠠᠭᠠᠳᠠᠢ᠃      —— ᠬᠤᠶᠠᠷ ᠲᠡᠮᠡᠭᠡ᠂ ᠬᠤᠶᠠᠷ ᠢᠮᠠᠭ᠎ᠠ ᠪᠠᠭᠤᠪᠠᠯ ᠬᠡᠷᠡᠭ ᠶᠠᠪᠣᠳᠠᠯ ᠪᠦᠳᠦᠬᠦ ᠨᠢ ᠦᠯᠤ ᠮᠡᠳᠡᠭᠳᠡᠨ᠎ᠡ᠃    —— ᠨᠢᠭᠡ ᠲᠡᠮᠡᠭᠡ᠂ ᠨᠢᠭᠡ ᠢᠮᠠᠭ᠎ᠠ᠂ ᠬᠤᠶᠠᠷ ᠬᠤᠨᠢ ᠪᠠᠭᠤᠪᠠᠯ ᠪᠣᠰᠣᠳ ᠤᠨ ᠲᠠᠯ᠎ᠠ ᠳᠤ ᠪᠠᠳᠣ᠃    —— ᠨᠢᠭᠡ ᠲᠡᠮᠡᠭᠡ᠂ ᠬᠤᠶᠠᠷ ᠬᠤᠨᠢ᠂ ᠨᠢᠭᠡ ᠢᠮᠠᠭ᠎ᠠ ᠪᠠᠭᠤᠪᠠᠯ ᠪᠦᠳᠦᠮᠵᠢ ᠪᠠᠷ ᠠᠨᠠᠢ᠂ ᠬᠦᠭᠡᠭᠡᠴᠡᠯᠳᠦᠭᠡ᠃      —— ᠨᠢᠭᠡ ᠲᠡᠮᠡᠭᠡ᠂ ᠭᠤᠷᠪᠠᠨ ᠬᠤᠨᠢ ᠪᠠᠭᠤᠪᠠᠯ ᠪᠦᠳᠦᠮᠵᠢ ᠮᠠᠭᠤ ᠲᠠᠢ᠃      —— ᠨᠢᠭᠡ ᠲᠡᠮᠡᠭᠡ᠂ ᠭᠤᠷᠪᠠᠨ ᠢᠮᠠᠭ᠎ᠠ ᠪᠠᠭᠤᠪᠠᠯ ᠪᠣᠳᠤᠯᠭ᠎ᠠ ᠮᠠᠭᠤ᠃      —— ᠭᠤᠷᠪᠠᠨ ᠬᠤᠨᠢ᠂ ᠨᠢᠭᠡ ᠢᠮᠠᠭ᠎ᠠ ᠪᠠᠭᠤᠪᠠᠯ ᠭᠠᠳᠠᠨ᠎ᠠ ᠶᠢᠨ ᠬᠦᠮᠦᠨ ᠲᠡᠶᠢᠯᠦᠨ᠎ᠡ᠃      —— ᠬᠤᠶᠠᠷ ᠬᠤᠨᠢ᠂ ᠬᠤᠶᠠᠷ ᠢᠮᠠᠭ᠎ᠠ ᠪᠠᠭᠤᠪᠠᠯ ᠠᠯᠵᠠᠭᠤᠷᠠᠬᠤ᠂ ᠰᠠᠭᠠᠳ ᠲᠠᠢ᠃      —— ᠨᠢᠭᠡ ᠬᠤᠨᠢ᠂ ᠭᠤᠷᠪᠠᠨ ᠢᠮᠠᠭ᠎ᠠ ᠪᠠᠭᠤᠪᠠᠰᠣ ᠦᠢᠯᠡᠰ ᠪᠦᠳᠦᠮᠵᠢ ᠦᠭᠡᠢ ᠭᠡᠬᠦ ᠮᠡᠳᠣ ᠪᠠᠷ ᠴᠠᠭᠠᠨ ᠰᠠᠷ᠎ᠠ ᠪᠣᠯᠬᠤ ᠳᠤ ᠠᠶᠢᠯ ᠵᠡᠷᠭᠡᠯᠳᠡᠭᠡ ᠶᠢᠨ ᠦᠶ᠎ᠡ ᠬᠤᠷᠠᠭ ᠤᠨ ᠵᠠᠯᠠᠭᠤᠰ ᠴᠣᠭᠯᠠᠷᠠᠵᠤ᠂ ᠲᠦᠷᠪᠡᠨ ᠪᠡᠷᠬᠡ ᠣᠷᠬᠢᠵᠤ᠂ ᠲᠦᠷᠪᠡᠨ ᠪᠡᠯᠭᠡ ᠪᠠᠨ ᠰᠢᠨᠵᠢᠵᠡᠭᠡᠵᠤ ᠨᠠᠭᠤᠳᠤᠨ ᠬᠦᠭᠡᠷᠦᠯᠳᠦᠳᠡᠭ᠃                                                                       ︽ᠱᠠᠭ᠎ᠠ︾ ᠨᠤᠮ ᠠᠴᠠ ᠰᠡᠶᠢᠷᠡᠭᠦᠯᠪᠡ᠃ 
ᠢᠷᠡᠯᠲᠡ᠄ ᠣᠷᠳᠣᠰ ᠮᠣᠩᠭᠤᠯ ᠰᠦᠯᠵᠢᠶ᠎ᠡ