ᠨᠤᠲᠤᠭ ᠤᠨ ᠠᠭᠤᠯᠠ
ᠨᠡᠶᠢᠲᠡᠯᠡᠭᠰᠡᠨ ᠴᠠᠭ᠄
2023/5/9
     ᠡᠬᠡ ᠳᠡᠯᠡᠬᠡᠢ ᠶᠢᠨ ᠥᠷᠦᠴᠡᠨ ᠠᠴᠠ     ᠡᠰᠡᠨᠢᠯ ᠠᠮᠢᠵᠢᠷᠠᠯ ᠲᠠᠢ ᠤᠷᠭᠤᠭᠰᠠᠨ     ᠡ᠊ᠩᠬᠡ ᠰᠠᠶᠢᠬᠠᠨ ᠨᠤᠲᠤᠭ ᠲᠤ ᠮᠢᠨᠢ     ᠡᠭᠦᠷᠢᠳᠡ ᠮᠥᠩᠬᠡ ᠰᠦᠨᠳᠡᠷᠯᠡᠭᠰᠡᠨ     ᠨᠤᠲᠤᠭ ᠤᠨ ᠮᠢᠨᠢ ᠠᠰᠬ᠎ᠠ ᠠᠭᠤᠯᠠ     ᠨᠤᠭᠤᠨ ᠦᠷ᠎ᠡ ᠳᠡᠭᠡᠨ ᠡᠭᠡᠯᠢᠲᠡᠢ     ᠨᠣᠭᠤᠭᠠᠨ ᠬᠢᠬᠢᠯᠢ ᠶᠢᠨ ᠳᠠᠭᠤᠤ ᠲᠠᠢ     ᠨᠤᠲᠤᠭ ᠤᠨ ᠮᠥᠩᠬᠡ ᠰᠦᠯᠳᠡ ᠡ     ᠰᠥᠨᠢ ᠵᠡᠭᠦᠳᠥᠨ ᠳᠡᠭᠡᠨ ᠵᠢᠷᠭᠠᠬᠤ ᠳᠤ     ᠰᠦᠰᠦᠭ ᠲᠠᠢ ᠳᠦᠷᠢ ᠴᠢᠨᠢ ᠡ᠊ᠩᠬᠦᠷᠡᠶᠢᠯᠡᠭᠰᠡᠨ     ᠬᠤᠯᠠ ᠶᠢᠨ ᠠᠶᠠᠨ ᠳᠤ ᠮᠣᠷᠳᠠᠬᠤ ᠳᠤ     ᠬᠤᠩᠭᠤᠷ ᠰᠡᠳᠭᠢᠯ ᠳᠤ ᠡᠷᠢᠭᠳᠡᠭᠰᠡᠨ     ᠮᠢᠨᠦ ᠨᠤᠲᠤᠭ ᠤᠨ ᠠᠭᠤᠯᠠ ᠡ     ᠰᠦᠰᠦ ᠵᠣᠷᠢᠭ ᠬᠤᠶᠠᠷ ᠲᠤ ᠮᠢᠨᠢ     ᠰᠦᠯᠳᠡ ᠬᠡᠶᠢᠮᠣᠷᠢ ᠪᠣᠯᠤᠭᠰᠠᠨ     ᠤᠰᠤᠨ ᠪᠤᠯᠤᠷ ᠬᠤᠷᠤᠭ᠎ᠠ ᠳᠠᠭᠠᠨ     ᠤᠷᠠᠨ ᠵᠢᠭᠦᠷᠲᠡᠨ ᠢᠶᠠᠨ ᠳᠣᠩᠭᠤᠳᠤᠭᠤᠯᠤᠭᠰᠠᠨ     ᠤᠩᠭᠠᠷᠢᠯ ᠵᠤᠯᠠᠭᠰᠠᠨ ᠲᠠᠯ᠎ᠠ ᠳᠠᠭᠠᠨ     ᠤᠨᠢᠶᠠᠷ ᠵᠡᠷᠭᠡᠯᠭᠡᠨ ᠢᠶᠠᠨ ᠪᠥᠵᠢᠭᠯᠡᠭᠦᠯᠦᠭᠰᠡᠨ     ᠮᠢᠨᠦ ᠨᠤᠲᠤᠭ ᠤᠨ ᠮᠢᠨᠢ ᠬᠠᠶᠢᠷᠬᠠᠨ ᠠᠭᠤᠯᠠ     ᠮᠥᠩᠬᠡ ᠨᠣᠭᠤᠭᠠᠨ ᠪᠠᠶᠢᠭᠠᠯᠢ ᠳᠠᠭᠠᠨ     ᠮᠥᠴᠢᠷ ᠭᠠᠩᠭᠠᠩ ᠬᠠᠶᠢᠷᠬᠠᠨ ᠡ     ᠠᠪᠤ ᠶᠢᠨ ᠰᠦᠷ ᠢᠶᠠᠷ ᠰᠡᠭᠦᠶᠢᠭᠰᠡᠨ     ᠠᠰᠬ᠎ᠠ ᠦᠨᠳᠦᠷ ᠠᠭᠤᠯᠠ     ᠡᠵᠢ ᠶᠢᠨ ᠳᠦᠷᠬᠦ ᠪᠠᠷ ᠮᠥᠰᠢᠶᠡᠭᠰᠡᠨ     ᠠᠯᠳᠠ ᠠᠴᠠ ᠦᠨᠡᠲᠡᠢ ᠴᠢ ᠮᠢᠨᠢ     ᠭᠡᠭᠡᠵᠦ ᠪᠣᠯᠤᠰᠢ ᠦᠭᠡᠢ ᠥᠪ ᠭᠡᠵᠦ     ᠪᠠᠭ᠎ᠠ ᠳᠠᠭᠠᠨ ᠪᠢ ᠲᠤᠭᠤᠯᠤᠭᠰᠠᠨ     ᠭᠡᠭᠡᠨ ᠰᠠᠷᠠᠭᠤᠯ ᠤᠨ ᠪᠡᠯᠭᠡ ᠭᠡᠵᠦ     ᠪᠠᠯᠴᠢᠷ ᠨᠠᠰᠤᠨ ᠳᠠᠭᠠᠨ ᠴᠡᠭᠡᠵᠢᠯᠡᠭᠰᠡᠨ     ᠨᠤᠲᠤᠭ ᠤᠰᠤᠨ ᠤ ᠵᠢᠷᠦᠬᠡ ᠨᠢ ᠭᠡᠵᠦ     ᠨᠣᠮᠣᠢ ᠡᠵᠢ ᠮᠢᠨᠢ ᠰᠠᠨᠠᠭᠤᠯᠤᠭᠰᠠᠨ     ᠮᠣᠩᠭᠤᠯ ᠬᠥᠮᠦᠨ ᠤ ᠬᠡᠶᠢᠮᠣᠷᠢ ᠭᠡᠵᠦ     ᠮᠢᠨᠦ ᠠᠪᠤ ᠦᠨᠡᠯᠡᠳᠡᠭ ᠰᠠᠨ     ᠬᠠᠩᠭᠠᠢ ᠨᠤᠲᠤᠭ ᠤᠨ ᠮᠢᠨᠢ ᠰᠦᠯᠳᠡ ᠭᠡᠵᠦ     ᠬᠠᠷᠢᠨ ᠪᠢ ᠤᠶᠠᠩᠭᠠᠯᠠᠨ᠎ᠠ     ᠰᠦᠰᠦ ᠬᠠᠲᠠᠭᠤ ᠡᠷ᠎ᠡ ᠭᠡᠵᠦ     ᠰᠦᠨ ᠰᠡᠳᠭᠢᠯ ᠢᠶᠠᠷ ᠢᠶᠠᠨ ᠨᠠᠶᠢᠷᠠᠭᠯᠠᠨ᠎ᠠ᠃ 
ᠢᠷᠡᠯᠲᠡ᠄ ᠣᠷᠳᠣᠰ ᠮᠣᠩᠭᠤᠯ ᠰᠥᠯᠵᠢᠶ᠎ᠡ